︽ᠠᠷᠠᠳ ᠤᠨ ᠰᠦᠯᠵᠢᠶ᠎ᠡ︾ ᠵᠡᠷᠭᠡ ᠪᠠᠷ ᠲᠠᠮᠵᠢᠭᠳᠠᠵᠦ ᠪᠠᠶᠢᠭ᠎ᠠ ᠰᠢᠨ᠎ᠡ ᠪᠠᠷᠢᠮᠵᠢᠶ᠎ᠠ ᠶᠢᠨ ᠠᠭᠤᠯᠭ᠎ᠠ ᠶᠢ | ᠦᠨᠳᠦᠰᠦᠯᠡᠵᠦ᠂ ᠵᠢᠯᠤᠭᠤᠴᠢ ᠶᠢᠨ ᠦᠨᠡᠮᠯᠡᠯ ᠤᠨ ᠰᠢᠯᠭᠠᠯᠲᠠ ᠶᠢᠨ ᠬᠤᠪᠢᠷᠠᠯᠲᠠ ᠲᠠᠢ ᠬᠡᠰᠡᠭ ᠢ ᠬᠤᠷᠢᠶᠠᠩᠭᠤᠢᠢᠯᠠᠵᠦ | ᠂ ᠤᠡᠭᠰᠢᠭᠴᠢᠳ ᠲᠠᠢ ᠪᠠᠨ ᠬᠤᠪᠢᠶᠠᠯᠴᠠᠬᠤ ᠪᠠᠷ ᠪᠤᠯᠤᠯ᠎ᠠ᠃ | | ● ᠬᠢᠴᠢᠶᠡᠯ ᠲᠦᠷᠦᠯ ᠨᠢᠭᠡ᠄ | ᠰᠢᠯᠭᠠᠯᠲᠠ ᠶᠢᠨ ᠰᠡᠳᠦᠪ ᠤᠨ ᠬᠡᠯᠪᠡᠷᠢ ᠪᠠ ᠬᠠᠷᠢᠴᠠᠯ ᠤᠨ ᠬᠤᠪᠢᠷᠠᠯᠲᠠ C1 ᠵᠢᠯᠤᠭᠤᠴᠢ ᠶᠢᠨ | ᠦᠨᠡᠮᠯᠡᠯ ᠤᠨ ᠬᠢᠴᠢᠶᠡᠯ ᠲᠦᠷᠦᠯ ᠨᠢᠭᠡ ᠶᠢᠨ ᠰᠢᠯᠭᠠᠯᠲᠠ ᠪᠠᠷ ᠵᠢᠱᠢᠶᠡᠯᠡᠬᠦ ᠳᠤ᠂ ᠰᠢᠨ᠎ᠡ ᠪᠠᠷᠢᠮᠵᠢᠶ᠎ᠠ ᠳᠤ | ᠰᠢᠯᠭᠠᠯᠲᠠ ᠶᠢᠨ ᠠᠭᠤᠯᠭ᠎ᠠ ᠪᠠ ᠬᠠᠷᠢᠴᠠᠯ ᠳᠤ ᠪᠦᠷ ᠲᠤᠬᠢᠷᠠᠭᠤᠯᠤᠯᠲᠠ ᠬᠢᠪᠡ᠃ ᠵᠢᠯᠤᠭᠤᠴᠢ ᠶᠢᠨ ᠦᠨᠡᠮᠯᠡᠯ ᠪᠠ | ᠮᠠᠰᠢᠨ ᠲᠡᠷᠭᠡᠨ ᠤ ᠬᠠᠮᠢᠶᠠᠷᠤᠯᠲᠠ ᠶᠢᠨ ᠲᠤᠭᠳᠠᠭᠠᠯ᠂ ᠵᠠᠮ ᠢᠶᠠᠷ ᠦᠡᠭᠭᠡᠷᠡᠬᠦ ᠨᠦᠭᠦᠴᠡᠯ ᠪᠠ ᠦᠡᠭᠭᠡᠷᠡᠬᠦ ᠲᠤᠭᠳᠠᠭᠠᠯ᠂ | ᠵᠠᠮ ᠬᠠᠷᠢᠯᠴᠠᠭᠠᠨ ᠤ ᠠᠮᠤᠷ ᠲᠦᠪᠰᠢᠨ ᠤ ᠬᠠᠤᠯᠢ ᠠᠴᠠ ᠵᠦᠷᠢᠴᠡᠭᠰᠡᠨ ᠠᠵᠢᠯᠯᠠᠭ᠎ᠠ ᠵᠢᠴᠢ ᠰᠢᠳᠭᠡᠯ᠂ ᠵᠠᠮ | ᠬᠠᠷᠢᠯᠴᠠᠭᠠᠨ ᠤ ᠠᠳᠡᠯ ᠢ ᠰᠢᠢᠳᠪᠦᠷᠢᠯᠡᠬᠦ ᠬᠠᠮᠢᠶ᠎ᠠ ᠪᠦᠬᠦᠢ ᠲᠤᠭᠳᠠᠭᠠᠯ᠂ ᠮᠠᠰᠢᠨ ᠲᠡᠷᠭᠡᠨ ᠤ ᠰᠠᠭᠤᠷᠢ ᠮᠡᠳᠡᠯᠭᠡ᠂ | ᠤᠷᠤᠨ ᠨᠤᠲᠤᠭ ᠤᠨ ᠴᠢᠨᠠᠷᠲᠠᠢ ᠬᠠᠤᠯᠢ ᠲᠦᠷᠢᠮ ᠵᠡᠷᠭᠡ ᠠᠭᠤᠯᠭ᠎ᠠ ᠶᠢᠨ ᠡᠵᠡᠯᠡᠬᠦ ᠬᠤᠪᠢ ᠶᠢᠨ ᠬᠠᠷᠢᠴᠠᠯ ᠲᠤᠰ | ᠲᠤᠰ 20%᠂ 25%᠂ 25%᠂ 10%᠂ 10%᠂ 10% ᠢ ᠡᠵᠡᠯᠡᠨ᠎ᠡ ᠭᠡᠵᠦ ᠰᠢᠨ᠎ᠡ ᠲᠤᠭᠳᠠᠭᠠᠯ ᠳᠤ | ᠲᠤᠭᠳᠠᠭᠠᠵᠠᠢ᠃ | ● ᠬᠢᠴᠢᠶᠡᠯ ᠲᠦᠷᠦᠯ ᠬᠤᠶᠠᠷ᠄ | ᠬᠦᠮᠦᠷᠭᠡ ᠳᠤ ᠤᠬᠤᠷᠢᠨ ᠤᠷᠤᠭᠤᠯᠬᠤ ᠪᠠ ᠬᠠᠵᠠᠭᠤ ᠳᠡᠰᠢ ᠲᠡᠷᠭᠡ ᠪᠠᠨ ᠵᠤᠭᠰᠤᠭᠠᠬᠤ ᠶᠢ ᠲᠤᠭᠳᠠᠭᠰᠠᠨ | ᠴᠠᠭ ᠤᠨ ᠲᠤᠲᠤᠷ᠎ᠠ ᠭᠦᠢᠴᠡᠳᠭᠡᠨ᠎ᠡ ᠰᠢᠨ᠎ᠡ ᠪᠠᠷᠢᠮᠵᠢᠶ᠎ᠠ ᠳᠤ᠂ ᠬᠦᠮᠦᠷᠭᠡ ᠳᠤ ᠤᠬᠤᠷᠢᠨ ᠤᠷᠤᠭᠤᠯᠬᠤ ᠪᠠ ᠬᠠᠵᠠᠭᠤ | ᠳᠡᠰᠢ ᠲᠡᠷᠭᠡ ᠪᠠᠨ ᠵᠣᠭᠰᠤᠭᠠᠬᠤ ᠶᠢ ᠲᠤᠭᠳᠠᠭᠰᠠᠨ ᠴᠠᠭ ᠤᠨ ᠲᠤᠲᠤᠷ᠎ᠠ ᠭᠦᠢᠴᠡᠳᠭᠡᠬᠦ ᠭᠡᠷᠡᠭᠲᠡᠢ᠂ ᠬᠡᠷᠪᠡ | ᠬᠦᠢᠴᠡᠳᠭᠡᠵᠦ ᠠᠮᠵᠢᠭᠰᠠᠨ ᠦᠭᠡᠢ ᠪᠤᠯ ᠲᠡᠷᠡ ᠲᠠᠷᠤᠢ ᠳᠤᠨᠢ ᠬᠢᠷᠢ ᠲᠡᠩᠴᠡᠭᠰᠡᠨ ᠦᠭᠡᠢ ᠪᠠᠷ ᠪᠤᠳᠤᠨ᠎ᠠ ᠭᠡᠰᠡᠨ | ᠨᠡᠮᠡᠯᠲᠡ ᠠᠭᠤᠯᠭ᠎ᠠ ᠤᠷᠤᠭᠤᠯᠵᠠᠢ᠃ ︽ᠠᠷᠠᠳ ᠤᠨ ᠰᠦᠯᠵᠢᠶ᠎ᠡ︾ ᠶᠢᠨ ᠮᠡᠳᠡᠭᠡᠯᠡᠯ ᠢ ᠦᠨᠳᠦᠰᠦᠯᠡᠪᠡᠯ᠂ | ᠬᠦᠮᠦᠷᠭᠡ ᠳᠤ ᠤᠬᠤᠷᠢᠨ ᠤᠷᠤᠬᠤ ᠴᠠᠭ ᠨᠢ 210 ᠰᠧᠺᠦ᠋ᠨ᠋ᠳ᠋ ᠠᠴᠠ ᠬᠡᠲᠦᠷᠡᠵᠦ ᠪᠤᠯᠬᠤ ᠦᠭᠡᠢ᠂ ᠬᠠᠵᠠᠭᠤ ᠳᠡᠰᠢ | ᠲᠡᠷᠭᠡ ᠪᠠᠨ ᠵᠤᠭᠰᠤᠭᠠᠬᠤ᠋ ᠶᠢ ᠭᠦᠢᠴᠡᠳᠭᠡᠬᠦ ᠴᠠᠭ ᠨᠢ 90 ᠰᠧᠺᠦ᠋ᠨ᠋ᠳ᠋ ᠠᠴᠠ ᠲᠠᠪᠠᠵᠦ ᠪᠤᠯᠬᠤ ᠦᠭᠡᠢ ᠭᠡᠵᠡᠢ᠃ | ● ᠬᠢᠴᠢᠶᠡᠯ ᠲᠦᠷᠦᠯ ᠭᠤᠷᠪᠠ᠄ | ᠬᠤᠶᠢᠰᠢ ᠬᠠᠷᠠᠵᠤ ᠠᠵᠢᠬᠯᠠᠨ᠂ ᠳ᠋ᠸᠡᠭ ᠢᠶᠠᠨ ᠨᠤᠴᠤᠭᠠᠬᠤ ᠶᠢ ᠴᠢᠬᠤᠯᠠᠴᠢᠯᠠᠨ᠎ᠠ ᠡᠬᠢᠯᠡᠵᠦ ᠶᠠᠪᠤᠬᠤ᠂ | ᠲᠡᠷᠭᠡᠨ ᠵᠠᠮ ᠰᠤᠯᠢᠬᠤ᠂ ᠵᠠᠮ ᠤᠨ ᠬᠦᠪᠡᠭᠡ ᠪᠠᠷ ᠵᠤᠭᠰᠤᠭᠠᠬᠤ᠂ ᠲᠡᠷᠭᠡ ᠶᠢ ᠲᠠᠪᠠᠵᠤ ᠭᠠᠷᠬᠤ ᠲᠦᠷᠦᠯ ᠵᠦᠢᠯ ᠳᠤ | ᠪᠦᠷ ︽ᠬᠤᠶᠢᠰᠢ ᠬᠠᠷᠠᠵᠤ ᠠᠵᠢᠬᠯᠠᠬᠤ︾ ᠱᠠᠭᠠᠷᠳᠠᠯᠭ᠎ᠠ ᠲᠠᠢ︔ ᠬᠤᠶᠢᠰᠢ ᠬᠠᠷᠠᠬᠤ ᠦᠶᠡᠰ᠂ ᠴᠢᠭᠯᠡᠯ ᠢᠶᠠᠨ | ᠬᠤᠪᠢᠷᠠᠭᠤᠯᠬᠤ ᠵᠡᠭᠦᠨ ᠲᠠᠯ᠎ᠠ ᠶᠢᠨ ᠳ᠋ᠸᠡᠭ ᠢᠶᠠᠨ ᠨᠤᠴᠤᠭᠠᠬᠤ ᠱᠠᠭᠠᠷᠳᠠᠯᠭ᠎ᠠ ᠶᠢ ᠰᠢᠨ᠎ᠡ ᠪᠠᠷ ᠨᠡᠮᠡᠵᠡᠢ᠃ | ᠰᠢᠯᠭᠠᠯᠲᠠ ᠶᠢ ᠬᠢᠨᠠᠬᠤ ᠲᠠᠯ᠎ᠠ ᠪᠠᠷ᠂ ᠠᠮᠤᠷ ᠲᠦᠪᠰᠢᠨ ᠪᠤᠯᠪᠠᠰᠤᠨ ᠢᠶᠠᠷ ᠲᠡᠷᠭᠡ ᠵᠢᠯᠤᠭᠤᠳᠬᠤ ᠳᠤ ᠨᠡᠩ ᠦᠨᠳᠦᠷ | ᠱᠠᠭᠠᠷᠳᠠᠯᠭ᠎ᠠ ᠲᠠᠢ ᠪᠤᠯᠵᠠᠢ᠃ ᠵᠢᠱᠢᠶᠡᠯᠡᠪᠡᠯ ᠡᠬᠢᠯᠡᠵᠦ ᠶᠠᠪᠤᠬᠤ᠂ ᠴᠢᠭᠯᠡᠯ ᠢᠶᠠᠨ ᠬᠤᠪᠢᠷᠠᠭᠤᠯᠬᠤ᠂ ᠲᠡᠷᠭᠡᠨ ᠵᠠᠮ | ᠰᠤᠯᠢᠬᠤ᠂ ᠲᠡᠷᠭᠡ ᠶᠢ ᠲᠠᠪᠠᠵᠦ ᠭᠠᠷᠬᠤ᠂ ᠵᠠᠮ ᠤᠨ ᠬᠦᠪᠡᠭᠡ ᠪᠠᠷ ᠲᠡᠷᠭᠡ ᠪᠠᠨ ᠵᠤᠭᠰᠤᠭᠠᠬᠤ ᠠᠴᠠ ᠪᠠᠨ ᠡᠮᠦᠨ᠎ᠡ | ᠴᠢᠭᠯᠡᠯ ᠢᠶᠠᠨ ᠬᠤᠪᠢᠷᠠᠭᠤᠯᠬᠤ ᠳ᠋ᠸᠡᠭ ᠭᠡᠷᠡᠭᠯᠡᠭᠰᠡᠨ ᠦᠭᠡᠢ ᠪᠤᠶᠤ ᠪᠤᠷᠤᠭᠤ ᠬᠡᠷᠡᠭᠯᠡᠭᠰᠡᠨ᠂ ᠡᠰᠡᠭᠦᠯ᠎ᠡ 3 | ᠰᠧᠺᠦ᠋ᠨ᠋ᠳ᠋ ᠠᠴᠠ ᠤᠬᠤᠷ ᠬᠤᠭᠤᠴᠠᠭᠠᠨ ᠳᠤ ᠴᠢᠭᠯᠡᠯ ᠢᠶᠠᠨ ᠬᠤᠪᠢᠷᠠᠭᠤᠯᠬᠤ ᠳ᠋ᠸᠡᠭ ᠢᠶᠠᠨ ᠨᠤᠴᠤᠭᠠᠵᠦ ᠴᠢᠭᠯᠡᠯ ᠢᠶᠠᠨ | ᠬᠤᠪᠢᠷᠠᠭᠤᠯᠤᠭᠰᠠᠨ ᠪᠠᠶᠢᠪᠠᠯ᠂ 10 ᠬᠤᠪᠢ ᠬᠠᠰᠤᠬᠤ ᠶᠢ ᠦᠭᠡᠷᠡᠴᠢᠯᠡᠵᠦ ᠬᠢᠷᠢ ᠲᠡᠩᠴᠡᠬᠦ ᠦᠭᠡᠢ ᠪᠠᠷ ᠬᠢᠨᠠᠨ᠎ᠠ | ᠭᠡᠵᠡᠢ᠃ ᠵᠠᠮ ᠤᠨ ᠬᠦᠪᠡᠭᠡ ᠪᠠᠷ ᠲᠡᠷᠭᠡ ᠪᠠᠨ ᠵᠤᠭᠰᠤᠭᠠᠬᠤ ᠦᠶᠡᠰ᠂ ᠲᠡᠷᠭᠡᠨ ᠠᠴᠠ ᠪᠠᠭᠤᠬᠤ ᠭᠡᠪᠡᠯ ᠲᠡᠷᠭᠡᠨ | ᠡᠭᠦᠳᠡ ᠪᠠᠨ ᠨᠡᠭᠡᠭᠡᠬᠦ ᠠᠴᠠ ᠡᠮᠦᠨ᠎ᠡ ᠵᠡᠭᠦᠨ ᠬᠤᠶᠢᠲᠦ ᠲᠠᠯ᠎ᠠ ᠶᠢᠨ ᠵᠠᠮ ᠬᠠᠷᠢᠯᠴᠠᠭᠠᠨ ᠤ ᠪᠠᠶᠢᠳᠠᠯ ᠢᠶᠠᠨ ᠡᠷᠭᠢᠵᠦ | ᠬᠠᠷᠠᠬᠤ ᠬᠡᠰᠡᠨ ᠲᠤᠭᠳᠠᠭᠠᠯ ᠨᠡᠮᠡᠵᠦ᠂ ᠬᠡᠷᠪᠡ ᠲᠤᠭᠳᠠᠭᠠᠯ ᠶᠤᠰᠤᠭᠠᠷ ᠬᠢᠬᠦ ᠦᠭᠡᠢ ᠪᠤᠯ ᠬᠢᠷᠢ ᠲᠡᠩᠴᠡᠭᠰᠡᠨ | ᠦᠭᠡᠢ ᠪᠠᠷ ᠪᠤᠳᠤᠨ᠎ᠠ ᠭᠡᠵᠡᠢ᠃ ᠬᠠᠷᠢᠨ ᠲᠡᠷᠭᠡ ᠪᠠᠨ ᠵᠤᠭᠰᠤᠭᠠᠬᠰᠠᠨ ᠤ ᠲᠠᠷᠠᠭ᠎ᠠ᠂ ᠲᠡᠷᠭᠡ ᠨᠢ ᠵᠠᠮ ᠤᠨ ᠪᠠᠷᠠᠭᠤᠨ | ᠬᠠᠵᠠᠭᠤ ᠶᠢᠨ ᠵᠠᠭᠠᠭ ᠱᠤᠭᠤᠮ ᠪᠤᠶᠤ ᠶᠠᠪᠠᠭᠠᠨ ᠬᠦᠮᠦᠨ ᠤ ᠵᠠᠮ ᠤᠨ ᠵᠠᠭᠠᠭ ᠱᠤᠭᠤᠮ ᠠᠴᠠ 50 ᠰᠠᠨᠲ᠋ᠢᠮᠧᠳ᠋ᠷ ᠠᠴᠠ | ᠶᠡᠭᠡ ᠵᠠᠶᠢᠲᠠᠢ ᠪᠠᠶᠢᠪᠠᠯ᠂ 10 ᠬᠤᠪᠢ ᠬᠠᠰᠤᠵᠦ ᠪᠠᠶᠢᠭᠰᠠᠨ ᠠᠴᠠ ᠪᠠᠨ ᠬᠢᠷᠢ ᠲᠡᠩᠴᠡᠬᠦ ᠦᠭᠡᠢ ᠪᠤᠯᠭᠠᠪᠠ᠃ | ᠵᠠᠮ ᠤᠨ ᠪᠠᠯᠴᠢᠷ ᠢᠶᠠᠷ ᠰᠢᠭᠤᠳ ᠦᠡᠭᠭᠡᠷᠡᠬᠦ᠂ ᠵᠠᠮ ᠤᠨ ᠪᠠᠯᠴᠢᠷ ᠢᠶᠠᠷ ᠵᠡᠭᠦᠨᠰᠢ ᠮᠤᠷᠦ᠋ᠢᠬᠤ᠂ ᠵᠠᠮ ᠤᠨ ᠪᠠᠯᠴᠢᠷ ᠢᠶᠠᠷ | ᠪᠠᠷᠠᠭᠤᠨᠰᠢ ᠮᠤᠷᠦ᠋ᠢᠬᠤ ᠲᠦᠷᠦᠯ ᠵᠦᠢᠯ ᠳᠤ᠂ ᠤᠷᠢᠳᠠᠪᠠᠷ ᠦᠡᠭᠭᠡᠷᠡᠬᠦ ᠲᠡᠷᠭᠡ᠂ ᠶᠠᠪᠠᠭᠠᠨ ᠬᠦᠮᠦᠨ᠂ ᠮᠠᠰᠢᠨ | ᠬᠦᠳᠡᠯᠭᠡᠭᠦᠷᠲᠦ ᠪᠤᠰᠤ ᠲᠡᠷᠭᠡᠨ ᠳᠤ ᠰᠠᠨᠠᠭᠠᠴᠢᠯᠠᠭ᠎ᠠ ᠲᠠᠢ ᠪᠠᠷ ᠨᠠᠶᠢᠷ ᠲᠠᠯᠪᠢᠬᠰᠠᠨ ᠦᠭᠡᠢ ᠪᠠᠶᠢᠪᠠᠯ᠂ ᠬᠢᠷᠢ | ᠲᠡᠩᠴᠡᠭᠰᠡᠨ ᠦᠭᠡᠢ ᠪᠠᠷ ᠪᠤᠳᠤᠨ᠎ᠠ ᠭᠡᠵᠡᠢ᠃ |