ᠨᠢᠳᠤᠨ ᠳᠤ ᠳᠤᠰᠠᠳᠠᠢ ᠪᠠ ᠬᠠᠷᠰᠢ ᠢᠳᠡᠭᠡᠨ ᠬᠤᠯᠤᠤᠪᠠᠩ ᠸᠢᠲ᠋ᠠᠮᠢᠨ A ᠪᠤᠯ ᠨᠢᠳᠤᠨ ᠤ ᠡᠷᠡᠭᠦᠯ | ᠮᠡᠨᠳᠦ ᠳᠤ ᠳᠤᠳᠠᠭᠳᠠᠵᠤ ᠪᠤᠯᠤᠰᠢ ᠦᠭᠡᠢ ᠪᠢᠴᠢᠯ ᠡᠯᠧᠮᠧᠨ᠋ᠲ ᠪᠤᠯᠤᠨ᠎ᠠ᠃ ᠸᠢᠲ᠋ᠠᠮᠢᠨ A ᠳᠤ ᠨᠢᠳᠤᠨ ᠤ ᠡᠷᠡᠭᠦᠯ | ᠮᠡᠨᠳᠦ ᠳᠤ ᠳᠤᠰᠠᠳᠠᠢ ᠢᠰᠦᠯᠳᠦᠯ ᠢ ᠡᠰᠡᠷᠭᠦᠴᠡᠭᠴᠢ ᠡᠳ᠋ β — ᠬᠤᠯᠤᠤᠪᠠᠩ ᠢ ᠠᠭᠤᠯᠳᠠᠬ᠃ | ᠬᠤᠯᠤᠤᠪᠠᠩ ᠢᠳᠡᠬᠦ ᠪᠤᠯ ᠸᠢᠲ᠋ᠠᠮᠢᠨ A ᠶᠢ ᠰᠢᠩᠭᠡᠭᠡᠨ ᠠᠪᠬᠤ ᠰᠠᠶᠢᠨ ᠠᠷᠭ᠎ᠠ ᠪᠤᠯᠤᠨ᠎ᠠ᠃ ᠡᠭᠦᠨ ᠠᠴᠠ | ᠭᠠᠳᠠᠨ᠎ᠠ᠂ ᠪᠦᠭᠡᠷᠡᠩᠬᠡᠢ ᠴᠠᠭᠠᠨ ᠨᠤᠭᠤᠭ᠎ᠠ᠂ ᠬᠡᠷ ᠤᠨ ᠢᠲᠡᠷ᠎ᠡ ᠪᠤᠯ ᠮᠦᠨ ᠸᠢᠲ᠋ᠠᠮᠢᠨ A ᠡᠯᠪᠡᠭ ᠠᠭᠤᠯᠳᠠᠭ | ᠢᠳᠡᠰᠢᠨ ᠨᠤᠭᠤᠭ᠎ᠠ ᠪᠤᠯᠤᠨ᠎ᠠ᠃ ᠬᠦᠮᠦᠨ ᠤ ᠪᠡᠶ᠎ᠡ ᠳᠤ ᠸᠢᠲ᠋ᠠᠮᠢᠨ A ᠳᠤᠳᠠᠭᠳᠠᠪᠠᠯ ᠳᠠᠬᠢᠶᠠᠨ ᠬᠠᠷᠠᠩ ᠡᠪᠡᠳᠴᠢᠨ | ᠤᠯᠤᠨ᠎ᠠ᠃ | ᠦᠷᠭᠡᠰᠦᠳᠦ ᠨᠤᠭᠤᠭ᠎ᠠ ᠦᠷᠭᠡᠰᠦᠳᠦ ᠨᠤᠭᠤᠭ᠎ᠠ ᠨᠢ ᠵᠠᠷᠢᠮ ᠨᠢᠳᠤᠨ ᠤ ᠡᠪᠡᠳᠴᠢᠨ ᠢ ᠰᠡᠷᠭᠡᠶᠢᠯᠡᠬᠦ | ᠦᠢᠯᠡᠳᠦᠯ ᠲᠠᠢ ᠪᠠᠶᠢᠳᠠᠭ᠃ ᠦᠷᠭᠡᠰᠦᠳᠦ ᠨᠤᠭᠤᠭ᠎ᠠ ᠳᠤ ᠨᠢᠭᠡ ᠵᠦᠢᠯ ᠤᠨ ᠰᠢᠷ᠎ᠡ ᠪᠡᠶᠡᠳᠦ ᠡᠳ᠋ ᠭᠡᠳᠡᠭ ᠪᠤᠳᠠᠰ | ᠠᠭᠤᠯᠳᠠᠭ ᠨᠢ ᠴᠠᠭᠠᠨ ᠬᠠᠷᠠᠩ ᠡᠪᠡᠳᠴᠢᠨ ᠪᠠ ᠰᠢᠷ᠎ᠡ ᠲᠤᠯᠪᠤ ᠶᠢᠨ ᠤᠷᠪᠠᠯᠳᠠ ᠶᠢ ᠰᠡᠷᠭᠡᠶᠢᠯᠡᠬᠦ ᠦᠢᠯᠡᠳᠦᠯ ᠲᠠᠢ | ᠪᠠᠶᠢᠳᠠᠭ᠃ | ᠳᠠᠭᠢᠶᠠᠨ ᠦᠨᠳᠡᠭᠡ ᠳᠠᠬᠢᠶᠠᠨ ᠦᠨᠳᠡᠭᠡ ᠨᠢᠳᠤ᠂ ᠬᠠᠷᠠᠭ᠎ᠠ ᠳᠤ ᠰᠠᠶᠢᠨ᠃ ᠳᠠᠬᠢᠶᠠᠨ ᠦᠨᠳᠡᠭᠡᠨ ᠳᠤ ᠠᠭᠤᠯᠳᠠᠭ | ᠳᠠᠪᠤᠰᠠᠩ ᠤᠨ ᠠᠮᠢᠨᠣ᠋ ᠬᠦᠴᠢᠯ᠂ ᠬᠦᠬᠦᠷ᠂ ᠦᠨᠳᠡᠭᠡᠨ ᠤ ᠹᠤᠰᠹᠤᠷᠳᠤ ᠦᠭᠡᠬᠦ᠂ ᠠᠮᠢᠨᠣ᠋ ᠬᠦᠴᠢᠯ ᠪᠠ ᠰᠢᠷ᠎ᠡ ᠪᠡᠶᠡᠳᠦ | ᠡᠳ᠋ ᠵᠡᠷᠭᠡ ᠨᠢ ᠪᠦᠷ ᠴᠠᠭᠠᠨ ᠬᠠᠷᠠᠩ ᠡᠪᠡᠳᠴᠢᠨ ᠢ ᠰᠡᠷᠭᠡᠶᠢᠯᠡᠬᠦ ᠦᠢᠯᠡᠳᠦᠯ ᠲᠠᠢ ᠪᠠᠶᠢᠳᠠᠭ᠃ ᠨᠤᠭᠤᠭᠠᠨ ᠴᠡᠴᠡᠭᠳᠦ | ᠨᠤᠭᠤᠭ᠎ᠠ ᠨᠤᠭᠤᠭᠠᠨ ᠴᠡᠴᠡᠭᠳᠦ ᠨᠤᠭᠤᠭ᠎ᠠ ᠨᠢ ᠬᠠᠷᠠᠭ᠎ᠠ ᠶᠢ ᠰᠠᠶᠢᠵᠢᠷᠠᠭᠤᠯᠬᠤ ᠪᠠ ᠴᠠᠭᠠᠨ ᠬᠠᠷᠠᠩ ᠡᠪᠡᠳᠴᠢᠨ ᠢ | ᠰᠡᠷᠭᠡᠶᠢᠯᠡᠬᠦ ᠦᠢᠯᠡᠳᠦᠯ ᠲᠠᠢ᠃ | ᠨᠤᠭᠤᠭᠠᠨ ᠴᠡᠴᠡᠭᠳᠦ ᠨᠤᠭᠤᠭ᠎ᠠ ᠳᠤ ᠠᠭᠤᠯᠳᠠᠭ ᠰᠢᠷ᠎ᠠ ᠪᠡᠶᠡᠳᠦ ᠡᠳ᠋ ᠪᠠ ᠡᠷᠳᠡᠨᠢ ᠰᠢᠰᠢ ᠶᠢᠨ ᠰᠢᠷ᠎ᠠ ᠭᠡᠳᠡᠭ | ᠬᠤᠯᠤᠤᠪᠠᠩ ᠤᠨ ᠡᠳ᠋ ᠤᠨ ᠳᠦᠷᠦᠯ ᠤᠨ ᠪᠤᠳᠠᠰ ᠨᠢ ᠨᠢᠳᠤᠨ ᠤ ᠪᠤᠯᠤᠷᠯᠢᠬ ᠴᠤᠭᠴᠠ ᠳᠤ ᠶᠡᠭᠡ ᠳᠤᠰᠠ ᠲᠠᠢ | ᠪᠠᠶᠢᠳᠠᠭ ᠪᠠ ᠨᠢᠳᠤᠨ ᠤ ᠡᠰ ᠤᠨ ᠴᠢᠯᠦᠭᠡᠳᠦ ᠪᠦᠯᠦᠭ ᠤᠨ ᠳᠠᠷᠤᠯᠳᠠ ᠳᠤ ᠤᠴᠠᠷᠠᠬᠤ ᠠᠴᠠ ᠬᠠᠮᠠᠭᠠᠯᠠᠳᠠᠭ᠃ | ᠬᠠᠷ᠎ᠠ ᠴᠤᠺᠤᠯᠡᠳ᠋ ᠬᠠᠷ᠎ᠠ ᠴᠤᠺᠤᠯᠠᠳ᠋ ᠲᠤ ᠠᠭᠤᠯᠳᠠᠭ ᠰᠢᠷ᠎ᠠ ᠺᠧᠲ᠋ᠤᠨ ᠤ ᠳᠦᠷᠦᠯ ᠤᠨ ᠬᠢᠮᠢ ᠶᠢᠨ ᠨᠡᠶᠢᠯᠡᠮᠡᠯ | ᠪᠤᠳᠠᠰ ᠨᠢ ᠨᠢᠳᠤᠨ ᠤ ᠴᠢᠰᠦᠨ ᠰᠤᠳᠠᠯ ᠢ ᠬᠠᠮᠠᠭᠠᠯᠠᠬᠤ ᠦᠢᠯᠡᠳᠦᠯ ᠲᠠᠢ ᠪᠠᠶᠢᠵᠤ᠂ ᠡᠭᠦᠨ ᠤ ᠤᠯᠠᠮ ᠠᠴᠠ | ᠨᠢᠳᠤᠨ ᠤ ᠡᠪᠡᠷᠯᠢᠭ ᠪᠦᠷᠭᠦᠪᠴᠢ ᠪᠠ ᠪᠤᠯᠤᠷᠯᠢᠬ ᠴᠤᠭᠴᠠ ᠶᠢ ᠪᠠᠬᠢᠵᠢᠭᠦᠯᠳᠡᠭ᠃ ᠰᠠᠨᠠᠭᠤᠯᠬᠤ ᠨᠢ᠂ ᠵᠦᠪᠬᠡᠨ | ᠴᠡᠪᠡᠷ ᠬᠠᠷ᠎ᠠ ᠴᠤᠺᠤᠯᠠᠳ᠋ ᠲᠤ ᠰᠠᠶ᠋ᠢ ᠢᠢᠮᠦᠷᠬᠦ ᠦᠢᠯᠡᠳᠦᠯ ᠲᠠᠢ ᠪᠠᠶᠢᠳᠠᠭ᠃ | ᠰᠠᠷᠢᠮᠰᠠᠭ ᠰᠠᠷᠢᠮᠰᠠᠭ ᠨᠢ ᠪᠠᠺᠲ᠋ᠧᠷᠢ ᠶᠢ ᠳᠠᠷᠤᠬᠤ ᠦᠢᠯᠡᠳᠦᠯ ᠴᠢᠳᠠᠪᠬᠢ ᠲᠠᠢ ᠪᠠᠶᠢᠵᠤ᠂ ᠤᠯᠠᠨ ᠵᠦᠢᠯ ᠤᠨ | ᠡᠪᠡᠳᠴᠢᠨ ᠢ ᠰᠡᠷᠭᠡᠶᠢᠯᠡᠬᠦ ᠦᠢᠯᠡᠳᠦᠯ ᠲᠠᠢ ᠪᠠᠶᠢᠳᠠᠭ ᠢᠶᠠᠷ ᠢᠶᠠᠨ ᠬᠡᠮᠵᠢᠶ᠎ᠠ ᠲᠠᠢ ᠢᠳᠡᠪᠡᠯ ᠬᠦᠮᠦᠨ ᠤ ᠪᠡᠶ᠎ᠡ ᠳᠤ ᠶᠡᠭᠡ | ᠳᠤᠰᠠᠳᠠᠢ᠃ ᠭᠡᠪᠡᠴᠦ ᠬᠡᠷᠪᠡ ᠤᠷᠳᠤ ᠬᠤᠭᠤᠴᠠᠭ᠎ᠠ ᠪᠠᠷ ᠭᠡᠳᠦᠷᠡᠳᠡᠯ᠎ᠠ ᠢᠳᠡᠪᠡᠯ ᠨᠢᠳᠤᠨ ᠤ ᠡᠪᠡᠳᠴᠢᠨ ᠡᠭᠦᠰᠭᠡᠳᠡᠭ | ᠃ | ᠭᠤᠱᠤᠭᠤᠨ ᠢᠳᠡᠭᠡᠨ ᠭᠤᠱᠤᠭᠤᠨ ᠢᠳᠡᠭᠡᠨ ᠢ ᠭᠡᠳᠦᠷᠡᠳᠡᠯ᠎ᠠ ᠢᠳᠡᠪᠡᠯ ᠨᠢᠳᠤᠨ ᠳᠤ ᠠᠰᠢᠬ ᠦᠭᠡᠢ᠃ ᠤᠷᠳᠤ | ᠬᠤᠭᠤᠴᠠᠭ᠎ᠠ ᠪᠠᠷ ᠭᠤᠱᠤᠭᠤᠨ ᠢᠳᠡᠭᠡᠨ ᠤ ᠰᠡᠳᠡᠯᠳᠡ ᠶᠢ ᠬᠦᠯᠢᠶᠡᠪᠡᠯ ᠨᠡᠶᠢᠯᠡᠮᠡᠯ ᠪᠦᠷᠭᠦᠪᠴᠢ ᠶᠢᠨ ᠦᠷᠪᠢᠰᠦᠯ᠂ | ᠨᠢᠳᠤᠨ ᠢᠷᠦᠭᠠᠷ ᠤᠨ ᠯᠤᠬᠰᠢᠭᠤᠨ ᠰᠤᠳᠠᠯ ᠤᠨ ᠬᠠᠳᠠᠭᠤᠷᠠᠯ᠂ ᠨᠢᠳᠤ ᠬᠠᠭᠤᠷᠠᠶᠢᠰᠢᠬᠤ ᠡᠪᠡᠳᠴᠢᠨ ᠪᠠ ᠬᠠᠷᠠᠭ᠎ᠠ | ᠮᠠᠭᠤᠳᠠᠬᠤ ᠵᠡᠷᠭᠡ ᠨᠠᠰᠤᠳᠠᠶᠢᠴᠤᠳ ᠤᠨ ᠰᠢᠨᠵᠢ ᠲᠠᠢ ᠡᠪᠡᠳᠴᠢᠨ ᠡᠷᠳᠡ ᠡᠭᠦᠰᠳᠡᠭ᠃ ᠡᠶᠢᠮᠦ ᠠᠴᠠ ᠤᠮᠠᠷᠠᠳᠤ | ᠤᠷᠤᠨ ᠤ ᠬᠦᠮᠦᠨ ᠤᠷᠳᠤ ᠬᠤᠭᠤᠴᠠᠭ᠎ᠠ ᠪᠠᠷ ᠭᠤᠱᠤᠭᠤᠨ ᠢᠳᠡᠭᠡᠨ ᠢᠳᠡᠪᠡᠯ ᠨᠢᠳᠤᠨ ᠳᠤ ᠴᠢᠨᠢ ᠬᠤᠤᠷ ᠨᠦᠯᠦᠭᠡ | ᠪᠤᠯᠵᠤ ᠮᠡᠳᠡᠨ᠎ᠠ᠃ |