ᠡᠯ ᠯᠦᠩ ᠱᠢ ᠲᠠᠢ ᠤᠯᠤᠰ ᠤᠨ ᠤᠢ ᠰᠢᠭᠤᠢ ᠶᠢᠨ ᠬᠦᠷᠢᠶᠡᠯᠡᠩ
ᠨᠡᠶᠢᠲᠡᠯᠡᠭᠰᠡᠨ ᠴᠠᠭ᠄
2019-12-13
    ᠡᠯ ᠯᠦᠩ ᠱᠢ ᠲᠠᠢ ᠤᠯᠤᠰ ᠤᠨ ᠤᠢ ᠰᠢᠭᠤᠢ ᠶᠢᠨ ᠬᠦᠷᠢᠶᠡᠯᠡᠩ ᠨᠢ ᠦᠪᠦᠷ ᠮᠤᠩᠭᠤᠯ ᠤᠨ ᠯᠢᠶᠠᠩᠴᠧᠩ ᠰᠢᠶᠠᠨ ᠤ ᠪᠠᠷᠠᠭᠤᠨ ᠬᠤᠶᠢᠳᠤ ᠬᠡᠰᠡᠭ ᠤᠨ ᠮᠠᠩᠬᠠᠨ  ᠠᠭᠤᠯᠠᠨ ᠳᠤ  ᠪᠠᠶᠢᠵᠦ᠂ ᠬᠦᠬᠡᠬᠤᠳᠠ ᠠᠴᠠ60 ᠭᠠᠷᠤᠢ ᠺᠢᠯᠤᠮᠧᠲᠷ ᠤᠨ ᠵᠠᠶᠢᠳᠠᠢ᠃ ᠡᠮᠦᠨ᠎ᠡ ᠪᠡᠶ᠎ᠡ ᠨᠢ ᠮᠠᠩᠬᠠᠨ ᠠᠭᠤᠯᠠ ᠶᠢᠨ ᠤᠢ ᠰᠢᠭᠤᠢ ᠶᠢᠨ ᠲᠠᠯᠠᠪᠠᠢ᠂1993 ᠤᠨ ᠳᠤ ᠤᠯᠤᠰ ᠤᠨ ᠤᠢ ᠰᠢᠭᠤᠢ ᠶᠢᠨ ᠶᠠᠮᠤᠨ ᠠᠴᠠ ᠳᠡᠭᠦᠨ ᠢ ᠤᠯᠤᠰ ᠤᠨ ᠤᠢ ᠰᠢᠭᠤᠢ ᠶᠢᠨ ᠬᠦᠷᠢᠶᠡᠯᠡᠩ ᠪᠤᠯᠤᠭᠰᠠᠨ ᠢ ᠵᠦᠪᠰᠢᠶᠡᠷᠡᠵᠦ᠂ ᠲᠠᠯᠠᠪᠠᠢ ᠨᠢ4 ᠲᠦᠮᠡ ᠢᠯᠡᠭᠦᠦ ᠮᠦ᠂ ᠬᠦᠷᠢᠶᠡᠯᠡᠩ ᠤᠨ ᠲᠤᠳᠤᠷ᠎ᠠ ᠠᠭᠤᠯᠠ ᠨᠢᠷᠤᠭᠤ ᠰᠦᠨᠳᠦᠷᠯᠡᠨ᠂ ᠤᠢ ᠮᠤᠳᠤ ᠢᠭᠴᠤ ᠰᠠᠬᠤᠯᠢᠭ ᠤᠷᠭᠤᠵᠤ᠂ ᠦᠵᠡᠮᠵᠢ ᠨᠢ ᠲᠤᠶᠢᠯ ᠤᠨ ᠭᠤᠶᠤ ᠪᠠᠶᠢᠳᠠᠭ᠃ ᠬᠠᠪᠤᠷ ᠲᠤ᠂ ᠡᠪᠡᠰᠦ  ᠮᠤᠳᠤ ᠨᠤᠭᠤᠭᠠᠷᠠᠨ᠂ ᠬᠤᠸᠠᠷ ᠴᠡᠴᠡᠭ ᠳᠡᠯᠭᠡᠷᠡᠨ᠂360 ᠭᠠᠷᠤᠢ ᠤᠢ ᠮᠤᠳᠤ ᠠᠮᠢᠵᠢᠷᠠᠯ ᠤᠨ ᠬᠦᠴᠤᠨ ᠢᠶᠠᠷ ᠪᠢᠯᠬᠠᠮ᠎ᠠ᠂ ᠶᠠᠭ ᠯᠠ ᠬᠤᠸᠠᠷ ᠴᠡᠴᠡᠭ ᠤᠨ ᠲᠠᠯᠠᠢ ᠰᠢᠭ᠋ ᠰᠠᠶᠢᠬᠠᠨ‌ᠬᠠᠷᠠᠭᠳᠠᠨ᠎ᠠ᠂ ᠵᠤᠨ ᠳᠠᠭᠠᠨ ᠤᠢ ᠮᠤᠳᠤ ᠬᠦᠬᠡᠷᠡᠨ᠂ ᠪᠤᠯᠠᠭ ᠤᠨ ᠤᠰᠤ ᠪᠤᠷᠭᠢᠯᠤᠨ᠂ ᠠᠭᠤᠷ ᠠᠮᠢᠰᠬᠤᠯ ᠨᠢ ᠲᠤᠩ ᠰᠡᠷᠢᠭᠦᠬᠡᠨ ᠪᠠᠶᠢᠳᠠᠭ᠃ ᠨᠠᠮᠦᠷ ᠲᠠᠭᠠᠨ ᠤᠯᠠᠭᠠᠠᠨ ᠰᠢᠷ᠎ᠠ ᠤᠯᠠᠪᠤᠷ ᠨᠤᠭᠤᠭᠠᠨ ᠵᠡᠷᠭᠡ ᠡᠯ᠎ᠡ ᠵᠤᠶᠢᠯ ᠤᠨ ᠦᠩᠭᠡ ᠢᠯᠭᠠᠷᠠᠨ᠂ ᠪᠡᠭᠡᠵᠢᠩ ᠤᠨ ᠰᠢᠶᠠᠩ ᠱᠠᠨ ᠠᠭᠤᠯᠠ ᠶᠢᠨ ᠦᠩᠭᠡ ᠦᠵᠡᠮᠵᠢ ᠰᠢᠭ᠋ ᠭᠤᠶᠤᠬᠠᠨ᠃ ᠡᠪᠤᠯ ᠲᠡᠭᠡᠨ ᠴᠠᠰᠤᠨ ᠴᠠᠭᠠᠨ᠂ ᠨᠠᠷᠠᠰᠤᠨ ᠤ ᠱᠤᠤᠭᠢᠶᠠᠨ ᠪᠠᠶᠢᠨ ᠪᠠᠶᠢᠨ ᠲᠤᠭᠤᠯᠳᠠᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19002733号-2