ᠳᠠᠭ᠎ᠠ ᠶᠢᠨ ᠨᠠᠭᠤᠷ ᠣᠯᠠᠨ ᠤᠯᠤᠰ ᠤᠨ ᠴᠠᠰᠤᠨ ᠳᠤ ᠭᠤᠯᠭᠤᠬᠤ ᠲᠠᠯᠠᠪᠠᠢ
ᠨᠡᠶᠢᠲᠡᠯᠡᠭᠰᠡᠨ ᠴᠠᠭ᠄
2019-07-16
     ᠳᠠᠭ᠎ᠠ ᠶᠢᠨ ᠨᠠᠭᠤᠷ ᠤᠨ ᠣᠯᠠᠨ ᠤᠯᠤᠰ ᠎ ᠤᠨ ᠴᠠᠰᠤᠨ ᠳᠤ ᠭᠤᠯᠭᠤᠬᠤ ᠲᠠᠯᠠᠪᠠᠢ ᠪᠣᠯ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠩᠬᠠᠳᠠᠭᠴᠢ PPP ᠵᠠᠭᠪᠤᠷ ᠢᠶᠠᠷ ᠨᠠᠶᠢᠳᠠᠪᠤᠷᠢᠵᠢᠭᠤᠯᠤᠭᠰᠠᠨ ᠵᠢᠭᠤᠯᠴᠢᠯᠠᠯ ᠤᠨ  ᠵᠤᠶᠢᠯᠡᠰ ᠪᠣᠯᠤᠨ᠎ᠠ᠂ 2017 ᠣᠨ ᠎ ᠳᠤ ᠪᠥᠬᠦ ᠤᠯᠤᠰ ᠎ ᠤᠨ ᠲᠡᠷᠢᠭᠦᠨ ᠳᠡᠰ ᠤᠨ ᠵᠢᠭᠤᠯᠴᠢᠯᠠᠯ ᠤᠨ  ᠵᠤᠶᠢᠯᠡᠰ ᠤᠨ ᠨᠡᠷᠡᠰ ᠤᠨ ᠵᠢᠭᠰᠠᠭᠠᠯᠲᠠ ᠳᠤ ᠵᠢᠭᠰᠠᠭᠠᠭᠳᠠᠵᠤ᠂ ᠲᠥᠯᠥᠪᠵᠢᠭᠦᠯᠭᠡ ᠶᠢᠨ ᠲᠠᠯᠠᠪᠠᠢ ᠨᠢ 5 . 85 ᠲᠡᠭᠰᠢ ᠳᠥᠷᠪᠡᠯᠵᠢᠨ ᠺᠢᠯᠣᠮᠧᠲᠷ ᠪᠠᠶᠢᠵᠤ᠂ ᠶᠡᠷᠦᠩᠬᠡᠶ ᠪᠠᠯᠠ ᠣᠷᠣᠭᠤᠯᠤᠯᠲᠠ ᠨᠢ 10 . 37 ᠳ᠋ᠦᠩᠰᠢᠭᠤᠷ ᠲᠥᠭᠦᠷᠢᠭ ᠲᠤ ᠬᠦᠷᠴᠡᠶ᠃ 2017 ᠣᠨ ᠳᠤ ᠨᠢᠭᠡᠨᠲᠡ ᠴᠠᠰᠤᠨ ᠬᠡᠷᠡᠭᠰᠡᠯ ᠤᠨ ᠶᠡᠭᠡ ᠲᠢᠩᠬᠢᠮ ︵ᠴᠠᠰᠤᠨ ᠳᠤ ᠭᠤᠯᠭᠤᠬᠤ ᠲᠠᠯᠠᠪᠠᠢ ᠶᠢᠨ ᠵᠣᠴᠢᠳ ᠤᠨ ᠪᠠᠭᠤᠳᠠᠯ︶᠂ ᠠᠭᠤᠯᠠᠨ ᠣᠷᠣᠢ ᠶᠢᠨ  ᠤᠶᠢᠯᠡᠴᠢᠯᠡᠭᠡᠨ ᠤ ᠶᠡᠭᠡ ᠲᠢᠩᠬᠢᠮ᠂ ᠲᠥᠳᠡ ᠪᠠᠭᠤᠳᠠᠯ᠂ ᠲᠡᠷᠭᠡᠨ ᠵᠣᠭᠰᠣᠭᠠᠯ᠂ 12 ᠴᠠᠰᠤᠨ ᠵᠠᠮ᠂ 3 ᠳᠡᠭᠦᠵᠢᠩ ᠵᠠᠮ᠂ 1 ᠭᠠᠵᠠᠷ U ᠬᠡᠯᠪᠡᠷᠢ ᠶᠢᠨ ᠨᠠᠭᠤᠷ᠂ 4 ᠰᠢᠳᠢᠲᠦ ᠬᠡᠪᠢᠰ᠂ ᠵᠢᠭᠠᠨ ᠰᠤᠷᠭᠠᠯᠲᠠ ᠶᠢᠨ ᠲᠣᠭᠤᠷᠢᠭ᠂ ᠵᠤᠭ᠎ᠠ ᠴᠡᠩᠭᠡᠯ  ᠤᠨ ᠲᠣᠭᠤᠷᠢᠭ᠂ ᠬᠡᠭᠡᠷ᠎ᠡ ᠶᠢᠨ ᠴᠠᠰᠤᠨ ᠳᠤ ᠭᠤᠯᠭᠤᠬᠤ ᠪᠠ ᠡᠪᠦᠯ ᠤᠨ ᠤᠯᠠᠷᠢᠯ ᠤᠨ ᠬᠤᠶᠠᠷ  ᠵᠤᠶᠢᠯ ᠤᠨ ᠤᠷᠤᠯᠳᠤᠭᠠᠨ ᠤ ᠲᠠᠯᠠᠪᠤᠷ ᠢ ᠪᠠᠶᠢᠭᠤᠯᠪᠠ᠃ ᠲᠤᠰ ᠲᠥᠷᠥᠯ ᠵᠤᠶᠢᠯ ᠤᠨ ᠪᠦᠲᠦᠭᠡᠨ  ᠪᠠᠶᠢᠭᠤᠯᠤᠯᠳᠡ ᠨᠢ ᠬᠥᠬᠡᠬᠤᠲᠠ ᠪᠤᠭᠤᠲᠤ ᠣᠷᠳᠣᠰ᠂  ᠤᠯᠠᠭᠠᠨᠴᠠᠪ ᠳ᠋ᠠᠲ᠋ᠦ᠋ᠩ ᠴᠢᠭᠤᠯᠤᠯᠳᠦ ᠬᠠᠭᠠᠯᠭ᠎ᠠ ᠣᠷᠣᠨ ᠤ ᠵᠤᠭᠠᠴᠠᠭᠰᠠᠳ ᠢ ᠲᠠᠲᠠᠵᠤ ᠪᠣᠯᠬᠤ ᠪᠥᠭᠡᠳ ᠪᠡᠭᠡᠵᠢᠩ ᠲᠢᠶᠠᠨᠵᠢᠨ ᠱᠠᠨ ᠰᠢ ᠾᠧᠪᠧᠢ ᠶᠢᠨ ᠵᠠᠬ᠎ᠠ ᠳᠡᠯᠭᠡᠭᠦᠷ ᠢ ᠨᠥᠯᠥᠭᠡᠯᠡᠵᠦ᠂ ᠵᠢᠱᠢᠯᠲᠡ ᠪᠠᠷ ᠵᠢᠯ ᠪᠦᠷᠢ 25 ᠲᠦᠮᠡᠨ ᠵᠤᠭᠠᠴᠠᠭᠰᠠᠳ ᠢ ᠬᠦᠯᠢᠶᠡᠨ ᠠᠪᠴᠤ ᠵᠣᠴᠢᠯᠠᠨ᠎ᠠ᠃    ᠳᠠᠭ᠎ᠠ ᠶᠢᠨ ᠨᠠᠭᠤᠷ ᠤᠨ ᠤᠯᠠᠨ ᠤᠯᠤᠰ ᠎ ᠤᠨ ᠴᠠᠰᠤᠨ ᠳᠤ ᠭᠤᠯᠭᠤᠬᠤ  ᠲᠠᠯᠠᠪᠠᠢ ᠶᠢ ᠪᠠᠶᠢᠭᠤᠯᠵᠤ ᠠᠰᠢᠭᠯᠠᠯᠲᠠ ᠳᠤ ᠣᠷᠣᠭᠤᠯᠤᠭᠰᠠᠨ ᠠᠴᠠ ᠨᠠᠰᠢ᠂ ᠤᠷᠢᠳ ᠬᠤᠵᠢᠳ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠷᠪᠠᠨ ᠳᠥᠷᠪᠡᠳᠦᠭᠡᠷ ᠬᠤᠭᠤᠴᠠᠭᠠᠨ ᠤ ᠡᠪᠦᠯ ᠤᠨ ᠤᠯᠠᠷᠢᠯ ᠤᠨ ᠪᠡᠶ᠎ᠡ ᠶᠢᠨ ᠲᠠᠮᠢᠷ ᠤᠨ ᠴᠤᠭᠯᠠᠭᠠᠨ ᠤ ᠴᠠᠰᠤᠨ ᠳᠡᠭᠡᠷᠡᠬᠢ ᠤᠷᠤᠯᠳᠤᠭᠠᠨ ᠤ ᠲᠥᠷᠥᠯ ᠵᠦᠢᠯ᠂ 2018 ᠣᠨ ᠤ ᠠᠩᠬᠠᠳᠤᠭᠠᠷ ᠬᠤᠭᠤᠴᠠᠭᠠᠨ ᠤ ︽ᠨᠢᠭᠡ ᠪᠦᠰᠡ ᠨᠢᠭᠡ ᠵᠠᠮ︾᠎ ᠤᠨ ᠤᠯᠠᠭᠠᠨᠴᠠᠪ ᠤᠨ ᠮᠥᠰᠥ ᠴᠠᠰᠤᠨ ᠤ ᠤᠯᠠᠷᠢᠯ ᠤᠨ ᠠᠷᠠᠳ ᠤᠨ ᠣᠯᠢᠮᠫᠢᠺ ᠤᠨ ᠪᠡᠶ᠎ᠡ ᠶᠢᠨ ᠲᠠᠮᠢᠷ ᠤᠨ ᠴᠤᠭᠯᠠᠭᠠᠨ ᠤ ︽ ᠴᠠᠰᠤᠨ ᠎ ᠳᠠᠬᠢ ᠲᠤᠶᠢᠯᠰᠢᠷᠠᠯ︾᠎ ᠤᠨ ᠤᠯᠠᠨ ᠤᠯᠤᠰ ᠎ ᠤᠨ ᠬᠤᠳᠠ ᠨᠦᠭᠦᠳ ᠤᠨ ᠥᠷᠢᠰᠦᠯᠳᠦᠬᠦ ᠤᠷᠤᠯᠳᠤᠭᠠᠨ᠂ C C T V 5 ᠪᠡᠶ᠎ᠡ ᠶᠢᠨ ᠲᠠᠮᠢᠷ ᠤᠨ ᠴᠠᠭᠠᠨ ᠰᠠᠷ᠎ᠠ ᠶᠢᠨ ᠦᠳᠡᠰᠢᠯᠡᠭᠡ ᠶᠢ ᠰᠡᠭᠦᠳᠡᠷᠯᠡᠬᠦ ᠵᠡᠷᠭᠡ ᠤᠷᠤᠯᠳᠤᠭᠠᠨ ᠪᠠ ᠠᠵᠢᠯᠯᠠᠭ᠎ᠠ ᠶᠢ ᠳᠠᠭᠠᠭᠠᠴᠢᠯᠠᠨ ᠡᠷᠬᠢᠯᠡᠪᠡ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19002733号-2