ᠸᠠᠩ ᠮᠦ ᠱᠠᠨ ᠤ ᠬᠠᠭᠤᠴᠢᠳ
ᠨᠡᠶᠢᠲᠡᠯᠡᠭᠰᠡᠨ ᠴᠠᠭ᠄
2019-07-17
   ᠸᠠᠩ ᠮᠦ ᠱᠠᠨ ᠤ ᠬᠠᠭᠤᠴᠢᠳ ᠨᠢ ᠯᠢᠶᠠᠩᠴᠧᠩ ᠰᠢᠶᠠᠨ ᠤ ᠵᠢᠷᠭᠤᠳᠤᠭᠠᠷ ᠰᠤᠮᠤ ᠪᠠᠯᠭᠠᠰᠤ ᠶᠢᠨ ᠴᠢᠤᠸᠠᠨ ᠪᠦᠸᠧ ᠰᠾᠢ ᠲᠤᠰᠬᠤᠨ ᠤ ᠡᠮᠦᠨ᠎ᠡ ᠨᠢᠭᠡ ᠺᠢᠯᠦᠮᠧᠲᠷ᠂ ᠲᠠᠭ᠎ᠠ ᠶᠢᠨ ᠨᠠᠭᠤᠷ ᠡᠮᠦᠨ᠎ᠡ ᠡᠷᠭᠢ ᠶᠢᠨ ᠭᠤᠷᠪᠠᠨ‌‍ᠺᠢᠯᠦᠮᠧᠲᠷ ᠤᠨ ᠵᠠᠶᠢᠳᠠᠢ ᠭᠠᠵᠠᠷ ᠲᠤ ᠪᠠᠶᠢᠷᠢᠯᠠᠵᠤ ᠪᠤᠢ᠃ ᠲᠠᠭ᠎ᠠ ᠶᠢᠨ ᠨᠠᠭᠤᠷ ᠬᠤᠳᠤᠭᠤᠷ ᠭᠠᠵᠠᠷ ᠤᠨ ᠡᠮᠦᠨ᠎ᠡ ᠬᠡᠰᠡᠭ ᠤᠨ ᠲᠤᠪᠤᠴᠠᠭ ᠭᠠᠵᠠᠷ᠂  ᠸᠠᠩ ᠮᠦ ᠱᠠᠨ ᠠᠭᠤᠯᠠ ᠶᠢᠨ ᠠᠷᠤ ᠬᠤᠷᠮᠤᠢ ᠶᠢᠨ ᠠᠭᠤᠯᠠᠷᠬᠠᠭ ᠭᠠᠵᠠᠷ ᠤᠨ ᠪᠠᠷᠠᠭᠤᠨ ᠬᠤᠶᠢᠳᠤ ᠬᠦᠳᠦᠯ ᠲᠡᠭᠡᠷ᠎ᠡ ᠰᠠᠭᠤᠷᠢᠰᠢᠵᠦ ᠪᠤᠢ᠃ ᠬᠠᠭᠤᠴᠢᠳ ᠤᠨ ᠡᠮᠦᠨ᠎ᠡ ᠬᠡᠰᠡᠭ ᠲᠤ ᠨᠢᠭᠡᠨ ᠵᠡᠭᠦᠨ ᠪᠠᠷᠠᠭᠤᠨ ᠴᠢᠭᠯᠡᠯ ᠲᠠᠢ ᠠᠶᠠᠨᠳᠠᠭᠠᠨ ᠤ ᠡᠭᠦᠰᠦᠭᠰᠡᠨ ᠭᠤᠤ ᠭᠠᠩᠭ᠎ᠠ ᠲᠠᠢ᠃  ᠪᠠᠷᠠᠭᠤᠨ ᠦᠵᠦᠭᠦᠷ ᠲᠡᠭᠡᠨ ᠪᠤᠤ ᠯᠢᠶᠠᠩ ᠭᠤᠤᠯ ᠲᠠᠢ ᠵᠠᠯᠭᠠᠯᠳᠤᠵᠤ᠂ ᠬᠠᠭᠤᠴᠢᠳ ᠤᠨ ᠭᠠᠵᠠᠷ ᠤᠨ ᠪᠠᠶᠢᠴᠠ ᠨᠢ ᠵᠡᠭᠦᠨ ᠢᠶᠠᠨ ᠦᠨᠳᠦᠷ᠂ ᠬᠠᠵᠠᠭᠤ ᠲᠠᠯ᠎ᠠ ᠪᠠᠷ ᠢᠶᠠᠨ ᠲᠤᠤᠷ᠎ᠠ ᠪᠠᠶᠢᠳᠠᠭ᠃ ᠪᠦᠬᠦᠶᠢᠯᠡ ᠸᠠᠩ  ᠮᠤ᠋ ᠱᠠᠨ ᠤ ᠬᠠᠭᠤᠴᠢᠳ ᠨᠢ ᠭᠤᠷᠪᠠᠨ ᠠᠳᠠᠯᠢ ᠪᠤᠰᠤ ᠭᠠᠵᠠᠷ ᠤᠷᠤᠨ᠂ ᠲᠤᠰ ᠲᠤᠰ ᠪᠡᠶ᠎ᠡ ᠪᠠᠨ ᠲᠠᠭᠠᠭᠠᠭᠰᠠᠨ ᠬᠠᠭᠤᠴᠢᠳ ᠢᠶᠠᠷ ᠪᠦᠷᠢᠯᠳᠦᠵᠦ᠂ ᠸᠠᠩ ᠮᠤ᠋ ᠱᠠᠨ ᠤ ᠬᠦᠳᠦᠯ ᠲᠤᠤᠷ᠎ᠠ᠂ ᠬᠦᠳᠦᠯ ᠲᠤᠮᠳᠠ᠂ ᠬᠦᠳᠦᠯ ᠲᠡᠭᠡᠷᠡᠬᠢ ᠦᠯᠡᠳᠡᠭᠳᠡᠯ ᠭᠡᠵᠦ ᠬᠤᠪᠢᠶᠠᠨ᠎ᠠ᠃    ᠬᠠᠭᠤᠴᠢ ᠰᠤᠳᠤᠯᠤᠯ ᠤᠨ ᠲᠤᠰᠬᠠᠢ ᠮᠡᠷᠭᠡᠵᠢᠯᠳᠡᠨ ᠤ ᠬᠢᠨᠠᠨ ᠲᠤᠭᠳᠠᠭᠠᠬᠤ ᠪᠠ ᠭᠡᠷᠡᠴᠢᠯᠡᠯᠳᠡ ᠪᠠᠷ᠂ ᠸᠠᠩ ᠮᠦ ᠱᠠᠨ ᠤ ᠬᠠᠭᠤᠴᠢᠳ ᠨᠢ ᠳᠠᠲᠠᠭᠠᠳ ᠬᠤᠯᠪᠤᠴᠠ ᠰᠤᠶᠤᠯ ᠤᠨ ᠲᠤᠮᠳᠠ ᠰᠡᠭᠦᠯᠴᠢ ᠶᠢᠨ ᠦᠶ᠎ᠡ ᠳᠤ ᠬᠠᠷᠢᠶᠠᠯᠠᠭᠳᠠᠵᠤ᠂ ᠤᠳᠤ ᠠᠴᠠ ᠪᠠᠷᠤᠭ6000 ᠭᠠᠷᠤᠢ ᠵᠢᠯ ᠤᠨ ᠲᠡᠤᠬᠡ ᠲᠠᠢ᠃ ᠡᠭᠦᠨ ᠳᠤ ︽ ᠬᠤᠶᠠᠷ ᠬᠠᠵᠠᠭᠤ︾ ᠪᠠᠶᠢᠰᠢᠩ ᠭᠡᠷ ᠤᠨ ᠬᠠᠭᠤᠴᠢᠳ ᠨᠢ ᠲᠤᠬᠠᠢ ᠶᠢᠨ ᠴᠠᠭ ᠦᠶ᠎ᠡ ᠳᠠᠬᠢ ᠪᠦᠬᠦ ᠤᠯᠤᠰ ᠤᠨ ᠬᠠᠮᠤᠭ ᠤᠨ ᠦᠨᠳᠦᠷ ᠪᠠᠷᠢᠯᠭ᠎ᠠ ᠶᠢᠨ ᠬᠢᠷᠢ ᠲᠦᠪᠰᠢᠨ ᠢ ᠲᠦᠯᠦᠭᠡᠯᠡᠵᠦ᠂ ᠰᠢᠯᠭᠠᠨ ᠲᠤᠭᠳᠠᠭᠠᠯᠳᠠ ᠬᠢᠯᠭᠡᠬᠦ ᠠᠮᠢᠳᠡᠨ ᠤ ᠠᠷᠤᠭ ᠶᠠᠰᠤᠨ ᠤ ᠦᠵᠡᠭᠦᠯᠦᠮᠵᠢ ᠶᠢ ᠨᠡᠶᠢᠳᠡ108 ᠬᠤᠪᠢ ︵ᠲᠦᠷᠦᠯ︶ ᠢᠯᠡᠷᠡᠭᠦᠯᠵᠦ᠂ ᠪᠠᠰᠠ ᠬᠡᠰᠡᠭ ᠲᠦᠷᠢᠮᠳᠤ ᠰᠠᠪᠠ ᠰᠠᠭᠠᠯᠢ ᠪᠠ ᠡᠯ᠎ᠡ ᠲᠦᠷᠦᠯ ᠤᠨ ᠲᠤᠬᠠᠢ ᠶᠢᠨ  ᠦᠶ᠎ᠡ ᠶᠢᠨ ᠲᠡᠷᠢᠭᠦᠨ ᠤ ᠤᠶᠢᠯᠡᠳᠪᠤᠷᠢᠯᠡᠯ ᠤᠨ ᠪᠠᠭᠠᠵᠢ ᠪᠠᠶᠢᠵᠦ᠂ ︽ ᠰᠤᠶᠤᠯ ᠢᠷᠭᠡᠨᠰᠢᠯ ᠤᠨ ᠲᠡᠭᠡᠳᠦᠰ︾ ᠭᠡᠵᠦ ᠨᠦᠬᠦᠪᠦᠷᠢᠯᠡᠨ ᠱᠠᠭᠰᠢᠭᠳᠠᠵᠠᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19002733号-2