ᠠᠷᠪᠠᠨ ᠳᠥᠷᠪᠡᠳᠦᠭᠡᠷ ᠬᠤᠭᠤᠴᠠᠭᠠᠨ ᠤ ᠪᠥᠬᠦ ᠤᠯᠤᠰ  ᠤᠨ ᠡᠪᠦᠯ ᠤᠨ ᠤᠯᠠᠷᠢᠯ ᠤᠨ ᠲᠠᠮᠢᠷ ᠤᠨ ᠴᠤᠭᠯᠠᠭᠠᠨ ᠤ ᠪᠡᠯᠡᠳᠬᠡᠯ ᠠᠵᠢᠯ ᠢ ᠥᠨᠳᠥᠷ ᠪᠠᠷᠢᠮᠵᠢᠶ᠎ᠠ ᠪᠠᠷ ᠴᠢᠨᠠᠷ ᠰᠠᠶᠢᠲᠠᠶ ᠪᠡᠶᠡᠯᠡᠭᠦᠯᠦᠨ᠎ᠡ
ᠨᠡᠶᠢᠲᠡᠯᠡᠭᠰᠡᠨ ᠴᠠᠭ᠄
2020-01-03
ᠭᠤᠤᠯ ᠰᠡᠳᠦᠪ  ᠄ᠠᠷᠪᠠᠨ ᠳᠥᠷᠪᠡᠳᠦᠭᠡᠷ ᠬᠤᠭᠤᠴᠠᠭᠠᠨ ᠤ ᠪᠥᠬᠦ ᠤᠯᠤᠰ  ᠤᠨ ᠡᠪᠦᠯ ᠤᠨ ᠤᠯᠠᠷᠢᠯ ᠤᠨ ᠲᠠᠮᠢᠷ ᠤᠨ ᠴᠤᠭᠯᠠᠭᠠᠨ ᠤ ᠪᠡᠯᠡᠳᠬᠡᠯ ᠠᠵᠢᠯ ᠢ ᠥᠨᠳᠥᠷ ᠪᠠᠷᠢᠮᠵᠢᠶ᠎ᠠ ᠪᠠᠷ ᠴᠢᠨᠠᠷ ᠰᠠᠶᠢᠲᠠᠶ ᠪᠡᠶᠡᠯᠡᠭᠦᠯᠦᠨ᠎ᠡ  ᠴᠠᠭ  ᠄2019 ᠤᠨ 12 ᠰᠠᠷ᠎ᠠ ᠶᠢᠨ 27 ᠤ ᠡᠳᠦᠷ ᠤᠨ 17᠄ 00 ᠴᠠᠭ   ᠬᠦᠨᠳᠦᠳᠦ ᠵᠤᠴᠢᠨ᠄ᠯᠢᠶᠠᠩᠴᠧᠩ ᠰᠢᠶᠠᠨ ᠤ ᠠᠷᠠᠳ ᠤᠨ ᠵᠠᠰᠠᠭ ᠤᠨ ᠣᠷᠳᠣᠨ ᠤ ᠳᠡᠳ᠋ ᠰᠢᠶᠠᠨ ᠤ ᠳᠠᠷᠤᠭ᠎ᠠ ᠱᠢ ᠼᠦᠢ ᠴᠢᠨ ᠲᠤᠪᠴᠢ ᠠᠭᠤᠯᠭ᠎ᠠ᠄ᠠᠷᠪᠠᠨ ᠳᠥᠷᠪᠡᠳᠦᠭᠡᠷ ᠬᠤᠭᠤᠴᠠᠭᠠᠨ ᠤ ᠪᠥᠬᠦ ᠤᠯᠤᠰ  ᠤᠨ ᠡᠪᠦᠯ ᠤᠨ ᠤᠯᠠᠷᠢᠯ ᠤᠨ ᠪᠡᠶ᠎ᠡ ᠶᠢᠨ ᠲᠠᠮᠢᠷ ᠤᠨ ᠴᠤᠭᠯᠠᠭᠠᠨ ᠤ ᠬᠡᠰᠡᠭ ᠲᠥᠷᠥᠯ  ᠵᠤᠶᠢᠯ ᠢ ᠡᠭᠦᠷᠭᠡᠯᠡᠬᠦ ᠪᠣᠯ  ᠲᠡᠭᠡᠳᠦ ᠱᠠᠲᠤᠨ ᠠᠴᠠ ᠯᠢᠶᠠᠩᠴᠧᠩ  ᠰᠢᠶᠠᠨ ᠳᠤ ᠣᠯᠭᠤᠭᠰᠠᠨ ᠨᠢᠭᠡᠨ ᠴᠢᠬᠤᠯᠠ ᠶᠡᠭᠡ ᠤᠯᠤᠰ ᠲᠥᠷᠥ ᠶᠢᠨ ᠡᠭᠦᠷᠭᠡ ᠪᠣᠯᠤᠨ᠎ᠠ᠃ ᠯᠢᠶᠠᠩᠴᠧᠩ ᠰᠢᠶᠠᠨ ᠤ ᠬᠢᠨ ᠪᠦᠬᠦ ᠬᠦᠴᠦᠨ ᠢᠶᠠᠷ ᠢᠶᠠᠨ ᠴᠢᠷᠮᠠᠶᠢᠵᠤ᠂ ᠨᠠᠷᠢᠨ ᠨᠢᠮᠪᠠᠶ ᠪᠡᠯᠡᠳᠬᠡᠵᠦ᠂ ᠡᠯ᠎ᠡ  ᠵᠤᠶᠢᠯ ᠤᠨ ᠪᠡᠯᠡᠳᠬᠡᠯ ᠠᠵᠢᠯ ᠢ ᠭᠦᠨᠵᠡᠭᠡᠶ ᠨᠠᠷᠢᠯᠢᠭ ᠬᠢᠵᠦ᠂ ᠡᠯ᠎ᠡ  ᠵᠤᠶᠢᠯ ᠤᠨ ᠠᠵᠢᠯ  ᠤᠨ ᠡᠭᠦᠷᠭᠡ ᠪᠠᠨ ᠲᠣᠭᠲᠠᠭᠰᠠᠨ ᠴᠠᠭ ᠲᠠᠭᠠᠨ ᠥᠨᠳᠥᠷ ᠪᠠᠷᠢᠮᠵᠢᠶ᠎ᠠ ᠪᠠᠷ  ᠪᠡᠶᠡᠯᠡᠭᠦᠯᠵᠦ᠂ ᠲᠡᠭᠦᠰ ᠠᠮᠵᠢᠯᠲᠠ ᠲᠠᠢ ᠤᠷᠤᠭᠰᠢᠲᠠᠶ ᠶᠠᠪᠤᠭᠳᠠᠬᠤ ᠶᠢ ᠪᠠᠲᠤᠯᠠᠨ᠎ᠠ᠃ ᠰᠤᠷᠪᠤᠯᠵᠢᠯᠠᠭᠴᠢ᠄ ᠰᠦᠯᠵᠢᠶᠡᠨ ᠠᠨᠳᠠ ᠨᠠᠷ ᠰᠠᠶᠢᠨ ᠪᠠᠶᠢᠵᠠᠭᠠᠨ᠎ᠠ ᠤᠤ᠂  ᠪᠢᠳᠡᠨ ᠤ ᠤᠷᠢᠭᠰᠠᠨ ᠵᠣᠴᠢᠨ ᠪᠣᠯ ᠯᠢᠶᠠᠩᠴᠧᠩ ᠰᠢᠶᠠᠨ ᠤ ᠠᠷᠠᠳ ᠤᠨ ᠵᠠᠰᠠᠭ ᠤᠨ ᠣᠷᠳᠣᠨ ᠤ ᠳᠡᠳ᠋ ᠰᠢᠶᠠᠨ ᠤ ᠳᠠᠷᠤᠭ᠎ᠠ ᠱᠢ ᠼᠦᠢ ᠴᠢᠨ ᠪᠣᠯᠤᠨ᠎ᠠ᠃ ᠱᠢ ᠳᠡᠳ᠋ ᠰᠢᠶᠠᠨ ᠤ ᠳᠠᠷᠤᠭ᠎ᠠ᠂ ᠲᠠ ᠰᠠᠶᠢᠨ ᠤᠤ︕ ᠱᠢ ᠼᠦᠢ ᠴᠢᠨ᠄ ᠬᠥᠲᠥᠯᠥᠭᠴᠢ ᠰᠠᠶᠢᠨ ᠤᠤ᠂ ᠰᠦᠯᠵᠢᠶᠡᠨ ᠤ ᠠᠨᠳᠠ ᠨᠠᠷ ᠰᠠᠶᠢᠨ ᠪᠠᠶᠢᠵᠠᠭᠠᠨ᠎ᠠ ᠤᠤ︕ ᠰᠤᠷᠪᠤᠯᠵᠢᠯᠠᠭᠴᠢ᠄ ᠠᠷᠪᠠᠨ ᠳᠥᠷᠪᠡᠳᠦᠭᠡᠷ ᠬᠤᠭᠤᠴᠠᠭᠠᠨ ᠤ ᠪᠥᠬᠦ ᠤᠯᠤᠰ  ᠤᠨ ᠡᠪᠦᠯ ᠤᠨ ᠤᠯᠠᠷᠢᠯ ᠤᠨ ᠲᠠᠮᠢᠷ ᠤᠨ ᠴᠤᠭᠯᠠᠭᠠᠨ ᠤ ᠬᠤᠪᠢᠶᠠᠷᠢ ᠤᠷᠤᠯᠳᠤᠭᠠᠨ ᠤ ᠲᠠᠯᠠᠪᠤᠷ ᠪᠣᠯᠤᠭᠰᠠᠨ ᠤ ᠬᠤᠪᠢ ᠳᠤ᠂  ᠲᠠ ᠠᠷᠪᠠᠨ ᠳᠥᠷᠪᠡᠳᠦᠭᠡᠷ ᠬᠤᠭᠤᠴᠠᠭᠠᠨ ᠤ ᠪᠥᠬᠦ ᠤᠯᠤᠰ  ᠤᠨ ᠡᠪᠦᠯ ᠤᠨ ᠤᠯᠠᠷᠢᠯ ᠤᠨ ᠲᠠᠮᠢᠷ ᠤᠨ ᠴᠤᠭᠯᠠᠭᠠᠨ ᠤ ᠪᠡᠯᠡᠳᠬᠡᠯ ᠠᠵᠢᠯ  ᠤᠨ ᠪᠠᠶᠢᠳᠠᠯ ᠢ ᠲᠠᠨᠢᠯᠴᠠᠭᠤᠯᠤᠭᠠᠷᠠᠶ᠃ ᠱᠢ ᠼᠦᠢ ᠴᠢᠨ᠄  ᠠᠷᠪᠠᠨ ᠳᠥᠷᠪᠡᠳᠦᠭᠡᠷ  ᠬᠤᠭᠤᠴᠠᠭᠠᠨ ᠤ ᠪᠥᠬᠦ ᠤᠯᠤᠰ  ᠤᠨ ᠡᠪᠦᠯ ᠤᠨ ᠤᠯᠠᠷᠢᠯ ᠤᠨ ᠪᠡᠶ᠎ᠡ ᠶᠢᠨ ᠲᠠᠮᠢᠷ ᠤᠨ ᠴᠤᠭᠯᠠᠭᠠᠨ ᠤ ᠬᠡᠰᠡᠭ ᠲᠥᠷᠥᠯ  ᠵᠤᠶᠢᠯ ᠢ ᠡᠭᠦᠷᠭᠡᠯᠡᠬᠦ ᠪᠣᠯ  ᠲᠡᠭᠡᠳᠦ ᠱᠠᠲᠤᠨ ᠠᠴᠠ ᠪᠢᠳᠡᠨ ᠳᠤ ᠣᠯᠭᠤᠭᠰᠠᠨ ᠨᠢᠭᠡ  ᠵᠤᠶᠢᠯ ᠤᠨ ᠴᠢᠬᠤᠯᠠ ᠶᠡᠭᠡ ᠤᠯᠤᠰ ᠲᠥᠷᠥ ᠶᠢᠨ ᠡᠭᠦᠷᠭᠡ ᠮᠥᠨ᠂ ᠪᠠᠰᠠ ᠴᠤ ᠮᠠᠨ ᠤ ᠰᠢᠶᠠᠨ ᠴᠢᠨᠠᠭᠰᠢᠯᠠᠪᠠᠯ ᠪᠥᠬᠦ ᠬᠤᠲᠠ ᠶᠢᠨ ᠰᠣᠶᠣᠯ ᠤᠨ ᠵᠢᠭᠤᠯᠴᠢᠯᠠᠯ ᠪᠠ ᠪᠡᠶ᠎ᠡ ᠶᠢᠨ ᠲᠠᠮᠢᠷ ᠤᠨ ᠠᠵᠤ ᠦᠢᠯᠡᠰ ᠤᠨ ᠠᠭᠤᠰᠤᠯᠴᠠᠨ ᠬᠥᠭᠵᠢᠬᠦ ᠶᠢ ᠠᠬᠢᠭᠤᠯᠬᠤ ᠣᠯᠳᠠᠰᠢ ᠥᠬᠡᠶ ᠠᠵᠠ ᠲᠣᠬᠢᠶᠠᠯ ᠮᠥᠨ ᠪᠣᠯᠬᠤᠷ  ᠲᠤᠶᠢᠯ ᠤᠨ ᠴᠢᠬᠤᠯᠠ ᠶᠡᠭᠡ ᠠᠴᠢ ᠬᠤᠯᠪᠣᠭᠳᠠᠯ ᠲᠠᠢ ᠶᠤᠮ᠃ ᠯᠢᠶᠠᠩᠴᠧᠩ ᠰᠢᠶᠠᠨ ᠨᠢ  ᠠᠷᠪᠠᠨ ᠳᠥᠷᠪᠡᠳᠦᠭᠡᠷ  ᠬᠤᠭᠤᠴᠠᠭᠠᠨ ᠤ ᠪᠥᠬᠦ ᠤᠯᠤᠰ  ᠤᠨ ᠡᠪᠦᠯ ᠤᠨ ᠤᠯᠠᠷᠢᠯ ᠤᠨ ᠪᠡᠶ᠎ᠡ ᠶᠢᠨ ᠲᠠᠮᠢᠷ ᠤᠨ ᠴᠤᠭᠯᠠᠭᠠᠨ ᠤ ᠬᠤᠪᠢᠶᠠᠷᠢ ᠤᠷᠤᠯᠳᠤᠭᠠᠨ ᠤ ᠲᠠᠯᠠᠪᠤᠷ ᠪᠣᠯᠤᠭᠰᠠᠨ ᠤ ᠬᠤᠪᠢ ᠳᠤ᠂  ᠲᠡᠭᠡᠳᠦ ᠱᠠᠲᠤᠨ ᠤ ᠤᠳᠤᠷᠢᠳᠤᠯᠭ᠎ᠠ ᠶᠢᠨ ᠵᠢᠭᠠᠪᠤᠷᠢ ᠱᠠᠭᠠᠷᠳᠠᠯᠭ᠎ᠠ ᠵᠢᠴᠢ ᠥᠪᠡᠷᠲᠡᠭᠡᠨ ᠵᠠᠰᠠᠬᠤ ᠣᠷᠣᠨ ᠤ ᠵᠣᠬᠢᠶᠠᠨ ᠪᠠᠶᠢᠭᠤᠯᠬᠤ ᠵᠥᠪᠯᠡᠯ᠂ ᠤᠯᠠᠭᠠᠨᠴᠠᠪ ᠬᠤᠲᠠ ᠶᠢᠨ  ᠭᠦᠢᠴᠡᠳᠭᠡᠬᠦ ᠵᠥᠪᠯᠡᠯ ᠤᠨ ᠲᠣᠬᠢᠷᠠᠭᠤᠯᠤᠯᠲᠠ ᠪᠠᠶᠢᠷᠢᠯᠠᠭᠤᠯᠤᠯᠲᠠ ᠶᠢ ᠴᠢᠩᠭ᠎ᠠ ᠵᠢᠷᠤᠮᠯᠠᠨ᠂ ᠲᠥᠰᠦᠯ ᠢᠶᠠᠨ ᠨᠠᠷᠢᠯᠢᠭᠵᠢᠭᠤᠯᠤᠨ᠂ ᠨᠠᠷᠢᠨ  ᠵᠤᠶᠢᠯᠡᠰ ᠢ ᠪᠣᠳᠠᠲᠠᠶ ᠠᠳᠬᠤᠵᠤ᠂ ᠬᠢᠨᠠᠨ ᠵᠢᠯᠣᠭᠤᠳᠬᠤ ᠪᠠᠨ ᠴᠢᠩᠭᠠᠳᠬᠠᠨ᠂ ᠡᠯ᠎ᠡ  ᠵᠤᠶᠢᠯ ᠤᠨ ᠠᠵᠢᠯ  ᠤᠨ ᠡᠭᠦᠷᠭᠡ ᠪᠠᠨ ᠴᠠᠭ ᠲᠠᠭᠠᠨ ᠥᠨᠳᠥᠷ ᠪᠠᠷᠢᠮᠵᠢᠶ᠎ᠠ ᠪᠠᠷ ᠪᠡᠶᠡᠯᠡᠭᠦᠯᠬᠦ ᠶᠢ ᠪᠠᠲᠤᠯᠠᠵᠤ᠂ ᠲᠡᠭᠦᠰ ᠠᠮᠵᠢᠯᠲᠠ ᠲᠠᠢ ᠤᠷᠤᠭᠰᠢᠲᠠᠶ ᠶᠠᠪᠤᠭᠳᠠᠬᠤ ᠶᠢ ᠪᠠᠲᠤᠯᠠᠨ᠎ᠠ᠃ ᠯᠢᠶᠠᠩᠴᠧᠩ ᠰᠢᠶᠠᠨ ᠤ ᠳᠠᠭ᠎ᠠ ᠶᠢᠨ ᠨᠠᠭᠤᠷ ᠤᠨ ᠣᠯᠠᠨ ᠤᠯᠤᠰ  ᠤᠨ ᠴᠠᠰᠤᠨ ᠳᠤ ᠭᠤᠯᠭᠤᠬᠤ ᠲᠠᠯᠠᠪᠠᠢ ᠨᠢ ᠠᠷᠪᠠᠨ ᠳᠥᠷᠪᠡᠳᠦᠭᠡᠷ ᠬᠤᠭᠤᠴᠠᠭᠠᠨ ᠤ ᠪᠦᠬᠦ ᠤᠯᠤᠰ  ‍ᠤᠨ‌ᠡᠪᠦᠯ ᠤᠨ ᠤᠯᠠᠷᠢᠯ ᠤᠨ ᠲᠠᠮᠢᠷ ᠤᠨ ᠴᠤᠭᠯᠠᠭᠠᠨ ᠤ 1 ᠶᠡᠭᠡ ᠲᠥᠷᠥᠯ᠂ 2 ᠬᠤᠪᠢᠶᠠᠷᠢ ᠲᠥᠷᠥᠯ ᠳᠣᠲᠣᠷᠠᠬᠢ 13 ᠪᠠᠭ᠎ᠠ ᠲᠥᠷᠥᠯ ᠤᠨ ᠤᠷᠤᠯᠳᠤᠭᠤᠨ ᠢ ᠡᠭᠦᠷᠭᠡᠯᠡᠵᠦ᠂ ᠨᠡᠶᠢᠲᠡ 13 ᠠᠯᠲᠠᠨ ᠮᠧᠳᠠᠯ ᠪᠣᠶ᠃ ᠲᠠᠯᠠᠪᠤᠷ ᠤᠨ ᠰᠣᠷᠢᠯᠲᠠ ᠨᠢ 2020 ᠤᠨ 2 ᠰᠠᠷ᠎ᠠ ᠶᠢᠨ 9 ᠤ ᠡᠳᠦᠷ ᠠᠴᠠ 2 ᠰᠠᠷ᠎ᠠ ᠶᠢᠨ 14 ᠤ ᠡᠳᠦᠷ ᠪᠣᠯᠲᠠᠯ᠎ᠠ ᠶᠠᠪᠤᠭᠳᠠᠵᠤ᠂ ᠵᠢᠩᠬᠢᠨᠢ ᠤᠷᠤᠯᠳᠤᠭᠠᠨ ᠨᠢ 2020 ᠤᠨ 2 ᠰᠠᠷ᠎ᠠ ᠶᠢᠨ 19 ᠤ ᠡᠳᠦᠷ — 2020 ᠤᠨ 2 ᠰᠠᠷ᠎ᠠ ᠶᠢᠨ 26 ᠤ ᠡᠳᠦᠷ ︵ᠴᠠᠭᠠᠨ ᠰᠠᠷ᠎ᠠ ᠶᠢᠨ2 6 — 2 ᠰᠠᠷ᠎ᠠ ᠶᠢᠨ 4 ᠤ ᠡᠳᠦᠷ︶ ᠶᠠᠪᠤᠭᠳᠠᠨ᠎ᠠ᠃ ᠪᠦᠬᠦ ᠤᠯᠤᠰ  ᠤᠨ ᠡᠯ᠎ᠡ ᠮᠣᠵᠢ ᠣᠷᠣᠨ ᠬᠤᠲᠠ ᠶᠢᠨ 31 ᠲᠥᠯᠥᠭᠡᠯᠡᠭᠴᠢ  ᠠᠩᠭᠢ ᠶᠢᠨ264 ᠲᠠᠮᠢᠷᠴᠢᠨ ᠤᠷᠤᠯᠴᠠᠨ᠎ᠠ᠃ ᠣᠳᠣᠬᠠᠨ ᠳᠤ ᠡᠯ᠎ᠡ ᠵᠦᠢᠯ ᠤᠨ ᠠᠵᠢᠯ ᠶᠡᠭᠡ ᠤᠷᠤᠭᠰᠢᠲᠠᠶ  ᠪᠠᠶᠢᠨ᠎ᠠ᠃    ᠨᠢᠭᠡ ᠳᠤ ᠤᠬᠠᠭᠤᠯᠭ᠎ᠠ ᠶᠢ ᠠᠳᠬᠤᠨ᠎ᠠ᠃ ᠤᠯᠤᠰ᠂ ᠤᠷᠤᠨ᠂ ᠬᠤᠲᠠ᠂ ᠰᠢᠶᠠᠨ ᠤ ᠡᠯ᠎ᠡ ᠱᠠᠲᠤᠨ ᠤ ᠡᠯ᠎ᠡ ᠲᠥᠷᠥᠯ ᠤᠨ ᠵᠠᠭᠤᠴᠢᠯᠠᠭᠤᠷ ᠲᠤ ᠤᠬᠠᠭᠤᠯᠤᠨ ᠮᠡᠳᠡᠭᠡᠯᠡᠬᠦ ᠪᠠᠷ ᠳᠠᠮᠵᠢᠭᠤᠯᠤᠨ᠂ ᠶᠠᠷᠢᠶ᠎ᠠ ᠬᠡᠯᠡᠯᠴᠡᠭᠡᠨ ᠤ ᠠᠭᠤᠷ ᠠᠮᠢᠰᠬᠤᠯ ᠢ ᠪᠤᠢ ᠪᠣᠯᠭᠠᠬᠤ ᠬᠡᠷᠡᠭᠲᠡᠶ᠃ ᠲᠠᠯᠠᠪᠤᠷ ᠭᠠᠵᠠᠷ᠂ ᠵᠠᠮ ᠬᠠᠷᠢᠯᠴᠠᠭᠠᠨ ᠤ ᠴᠢᠬᠤᠯᠠ ᠱᠤᠭᠤᠮ᠂ ᠬᠦᠯᠢᠶᠡᠨ ᠠᠪᠬᠤ ᠲᠠᠯᠠᠪᠤᠷ ᠭᠠᠵᠠᠷ ᠲᠤ ᠤᠬᠠᠭᠤᠯᠭ᠎ᠠ ᠶᠢᠨ ᠵᠠᠷᠯᠠᠯ ᠡᠯᠭᠦᠵᠦ᠂ ᠤᠬᠠᠭᠤᠯᠭ᠎ᠠ ᠶᠢᠨ ᠡᠳ᠋ ᠪᠣᠳᠠᠰ ᠢ ᠨᠠᠭᠠᠵᠤ᠂ ︽ᠡᠨᠡ ᠪᠣᠯ ᠳᠠᠷᠤᠶ ᠳᠤᠮᠳᠠᠳᠤ ᠤᠯᠤᠰ  ᠤᠨ ᠯᠢᠶᠠᠩᠴᠧᠩ  ︾ L O G O ᠶᠢ ᠵᠢᠷᠤᠵᠤ᠂  ᠤᠷᠤᠯᠳᠤᠭᠠᠨ ᠤ ᠶᠠᠪᠤᠳᠠᠯ ᠤᠨ ᠠᠭᠤᠷ ᠠᠮᠢᠰᠬᠤᠯ ᠢ ᠪᠣᠶ ᠪᠣᠯᠭᠠᠨ᠎ᠠ᠃ ᠬᠤᠶᠠᠷ ᠲᠤ ᠪᠠᠲᠤᠯᠠᠭ᠎ᠠ ᠶᠢ ᠠᠳᠬᠤᠨ᠎ᠠ᠃ ᠨᠢᠭᠡ ᠨᠢ ᠲᠠᠯᠠᠪᠤᠷ ᠪᠠ ᠪᠠᠭᠠᠵᠢ ᠬᠡᠷᠡᠭᠰᠡᠯ ᠪᠣᠯᠤᠨ᠎ᠠ᠃ ᠬᠤᠶᠠᠷ ᠤᠷᠤᠯᠳᠤᠭᠠᠨ ᠤ ᠵᠠᠮ ᠨᠢᠭᠡᠨᠲᠡ ᠦᠨᠳᠦᠰᠦᠨ ᠳᠡᠭᠡᠨ ᠴᠠᠰᠤ ᠣᠷᠣᠭᠤᠯᠵᠤ᠂ 12 ᠰᠠᠷ᠎ᠠ ᠶᠢᠨ 20 ᠤ ᠡᠳᠦᠷ ᠠᠴᠠ ᠡᠬᠢᠯᠡᠨ ᠬᠡᠪᠰᠢᠭᠦᠯᠪᠡ᠃ 12 ᠰᠠᠷ᠎ᠠ ᠶᠢᠨ ᠰᠡᠭᠦᠯᠴᠢ ᠪᠠᠷ ᠪᠠᠭᠠᠵᠢ ᠬᠡᠷᠡᠭᠰᠡᠯ ᠬᠤᠳᠠᠯᠳᠤᠨ ᠠᠪᠴᠤ ᠳᠠᠭᠤᠰᠬᠠᠬᠤ ᠶᠢᠨ ᠬᠠᠮᠲᠤ ᠰᠢᠯᠭᠠᠨ ᠠᠪᠤᠨ᠎ᠠ᠃ ᠰᠢᠭᠤᠳ ᠨᠡᠪᠲᠡᠷᠡᠭᠦᠯᠬᠦ ᠠᠵᠢᠯ ᠨᠢᠭᠡᠨᠲᠡ ᠳᠠᠮᠵᠢᠭᠤᠯᠬᠤ ᠭᠡᠷᠡᠯᠯᠢᠭ ᠳᠡᠭᠡᠰᠦ ᠲᠠᠲᠠᠬᠤ ᠵᠡᠷᠭᠡ ᠡᠮᠦᠨᠡᠬᠢ ᠬᠤᠭᠤᠴᠠᠭᠠᠨ ᠤ ᠠᠵᠢᠯ ᠢ ᠳᠠᠭᠤᠰᠬᠠᠪᠠ᠃ ᠬᠤᠶᠠᠷ ᠲᠤ ᠠᠮᠤᠷ ᠲᠦᠪᠰᠢᠨ ᠤ ᠬᠠᠮᠠᠭᠠᠯᠠᠯᠲᠠ᠃ ᠠᠮᠤᠷ ᠲᠦᠪᠰᠢᠨ ᠤ ᠠᠵᠢᠯ ᠤᠨ ᠲᠥᠰᠦᠯ ᠢ ᠲᠣᠭᠲᠠᠭᠠᠵᠤ᠂  ᠬᠤᠳᠠ ᠰᠢᠶᠠᠨ ᠬᠤᠶᠠᠷ ᠱᠠᠲᠤᠨ ᠤ 498 ᠨᠡᠷᠡᠰ ᠴᠠᠭᠳᠠᠭᠠᠨ ᠤ ᠬᠦᠴᠦᠨ ᠢ ᠵᠣᠬᠢᠶᠠᠨ ᠪᠠᠶᠢᠭᠤᠯᠵᠤ᠂ ᠲᠤᠬᠠᠶ ᠶᠢᠨ ᠲᠠᠯᠠᠪᠠᠢ ᠶᠢᠨ ᠵᠢᠯᠣᠭᠤᠳᠬᠤ ᠭᠠᠵᠠᠷ ᠪᠠ ᠬᠤᠶᠠᠷ ᠭᠠᠵᠠᠷ ᠤᠨ ᠠᠮᠤᠷ ᠲᠦᠪᠰᠢᠨ ᠤ ᠪᠠᠶᠢᠴᠠᠭᠠᠯᠲᠠ ᠶᠢᠨ ᠴᠡᠭ  ᠢ ᠪᠠᠶᠢᠭᠤᠯᠵᠤ᠂ ᠬᠤᠯᠪᠣᠭᠳᠠᠯ ᠪᠦᠬᠦᠢ  ᠤᠶᠢᠯᠡᠴᠢᠯᠡᠭᠡᠨ ᠤ ᠠᠵᠢᠯᠲᠠᠨ ᠳᠤ ᠠᠬᠤᠶ  ᠪᠠᠶᠢᠳᠠᠯ ᠤᠨ ᠬᠢᠨᠠᠨ ᠪᠠᠶᠢᠴᠠᠭᠠᠯᠲᠠ ᠬᠢᠵᠦ ᠪᠠᠶᠢᠨ᠎ᠠ᠃ ᠴᠠᠰᠤᠨ ᠳᠤ ᠭᠤᠯᠭᠤᠬᠤ ᠲᠠᠯᠠᠪᠤᠷ ᠲᠤ ᠣᠯᠠᠨ ᠬᠦᠷᠳᠦᠲᠦ ᠭᠠᠯ ᠤᠨᠲᠠᠷᠠᠭᠠᠬᠤ ᠵᠡᠷᠭᠡ ᠠᠮᠤᠷ ᠲᠦᠪᠰᠢᠨ ᠤ ᠪᠠᠶᠢᠴᠠᠭᠠᠯᠲᠠ ᠬᠢᠨ᠎ᠡ᠃ ᠭᠤᠷᠪᠠ ᠳᠤ ᠢᠳᠡᠭᠡᠨ ᠤ  ᠵᠤᠶᠢᠯ ᠡᠮ ᠤᠨ  ᠵᠤᠶᠢᠯ ᠤᠨ ᠠᠮᠤᠷ ᠲᠦᠪᠰᠢᠨ᠃ ᠬᠠᠤᠯᠢ ᠬᠡᠷᠡᠭᠵᠢᠭᠦᠯᠵᠦ ᠬᠢᠨᠠᠨ ᠬᠠᠮᠢᠶᠠᠷᠬᠤ ᠠᠵᠢᠯᠲᠠᠨ ᠪᠠ ᠠᠵᠢᠯᠯᠠᠵᠤ  ᠪᠠᠶᠢᠭ᠎ᠠ ᠬᠥᠮᠦᠰ ᠢ 300 ᠭᠠᠷᠤᠶ ᠬᠥᠮᠦᠨ ᠤᠳᠠᠭ᠎ᠠ ᠪᠣᠯᠪᠠᠰᠤᠷᠠᠭᠤᠯᠪᠠ᠃ ᠲᠣᠭᠲᠠᠭᠰᠠᠨ ᠴᠢᠭ ᠪᠦᠬᠦᠢ ᠬᠦᠯᠢᠶᠡᠨ ᠠᠪᠬᠤ ᠪᠠᠭᠤᠳᠠᠯ ᠤᠨ ᠪᠠᠶᠢᠳᠠᠯ ᠢ ᠣᠶᠢᠯᠭᠠᠨ ᠵᠢᠭᠰᠠᠭᠠᠵᠤ᠂ ᠴᠡᠭᠴᠡᠯᠡᠨ ᠵᠠᠰᠠᠬᠤ ᠬᠡᠷᠡᠭᠲᠡᠶ᠃ 12 ᠰᠠᠷ᠎ᠠ ᠶᠢᠨ ᠰᠡᠭᠦᠯᠴᠢ ᠪᠠᠷ ᠢᠳᠡᠭᠡᠨ ᠤ ᠲᠦᠷᠭᠡᠨ ᠪᠠᠶᠢᠴᠠᠭᠠᠯᠲᠠ ᠶᠢᠨ ᠲᠥᠬᠦᠭᠡᠷᠦᠮᠵᠢ ᠶᠢ ᠪᠦᠬᠦᠨ ᠢ ᠪᠡᠯᠡᠨ ᠪᠣᠯᠭᠠᠨ᠎ᠠ᠃ ᠳᠥᠷᠪᠡ ᠳᠤ ᠡᠮ ᠡᠮᠨᠡᠯᠭᠡ ᠡᠷᠡᠭᠦᠯ ᠬᠠᠮᠠᠭᠠᠯᠠᠯ᠃ ᠳᠥᠷᠪᠡᠨ ᠡᠮᠴᠢᠯᠡᠭᠡᠨ ᠤ ᠪᠠᠴᠢᠮ ᠪᠠᠶᠢᠳᠠᠯ ᠢ ᠠᠷᠭᠠᠴᠠᠬᠤ ᠪᠠᠲᠤᠯᠠᠭ᠎ᠠ ᠶᠢᠨ ᠳᠤᠭᠤᠶᠢᠯᠠᠩ ᠪᠠᠶᠢᠭᠤᠯᠵᠤ᠂ ᠡᠮᠨᠡᠯᠭᠡ ᠶᠢᠨ ᠠᠵᠢᠯᠲᠠᠨ᠂ ᠬᠠᠮᠢᠶ᠎ᠠ ᠪᠦᠬᠦᠢ ᠡᠮ ᠤᠨ  ᠵᠤᠶᠢᠯ ᠪᠠ ᠲᠣᠨᠤᠭ ᠲᠥᠬᠦᠭᠡᠷᠦᠮᠵᠢ ᠲᠣᠬᠢᠷᠠᠭᠤᠯᠵᠤ᠂ ᠤᠷᠤᠯᠳᠤᠭᠠᠨ ᠤ ᠪᠥᠬᠦ ᠶᠠᠪᠤᠴᠠ ᠳᠤ  ᠠᠵᠢᠯ ᠤᠨ ᠪᠠᠶᠢᠷᠢ ᠪᠠᠨ ᠰᠠᠬᠢᠬᠤ  ᠤᠶᠢᠯᠡᠴᠢᠯᠡᠭᠡ ᠬᠠᠩᠭᠠᠪᠠ᠃ ᠡᠭᠴᠡ ᠨᠢᠰᠬᠡᠯ ᠢᠶᠠᠷ ᠠᠪᠤᠷᠠᠨ ᠵᠠᠰᠠᠬᠤ ᠠᠵᠢᠯ ᠨᠢᠭᠡᠨᠲᠡ ᠬᠠᠮᠵᠢᠯᠴᠠᠭ᠎ᠠ ᠬᠢᠵᠦ᠂ ᠠᠭᠠᠷ  ᠤᠨ ᠲᠡᠭᠡᠭᠡᠪᠦᠷᠢ ᠶᠢᠨ ᠠᠵᠢᠯ ᠢ ᠬᠢᠵᠦ ᠪᠣᠯᠤᠨ᠎ᠠ᠃ ᠲᠠᠪᠤ ᠳᠤ᠂ ᠴᠢᠮᠡᠭᠡ ᠬᠤᠯᠪᠣᠭ᠎ᠠ᠂ ᠴᠠᠬᠢᠯᠭᠠᠨ ᠬᠦᠴᠦᠨ᠂ ᠴᠠᠭ ᠠᠭᠤᠷ ᠵᠡᠷᠭᠡ᠃ ᠴᠢᠮᠡᠭᠡ ᠬᠤᠯᠪᠣᠭᠠᠨ ᠤ ᠰᠦᠯᠵᠢᠶᠡᠨ ᠤ ᠳᠣᠬᠢᠶ᠎ᠠ ᠶᠢ ᠪᠦᠬᠦᠨ ᠢ ᠪᠦᠷᠬᠦᠭᠦᠯᠪᠡ︔ ᠴᠠᠰᠤᠨ ᠳᠤ ᠭᠤᠯᠭᠤᠬᠤ ᠲᠠᠯᠠᠪᠠᠢ ᠶᠢᠨ ᠴᠠᠬᠢᠯᠭᠠᠨ ᠬᠦᠷᠭᠡᠬᠦ ᠱᠤᠭᠤᠮ ᠢ ᠰᠡᠯᠪᠢᠨ ᠵᠠᠰᠠᠵᠤ ᠠᠷᠠᠴᠢᠯᠠᠨ ᠬᠠᠮᠠᠭᠠᠯᠠᠵᠤ᠂ ᠴᠠᠬᠢᠯᠭᠠᠨ ᠬᠦᠴᠦᠨ ᠤ ᠪᠠᠴᠢᠮ ᠪᠠᠶᠢᠳᠠᠯ ᠢ ᠠᠷᠭᠠᠴᠠᠬᠤ ᠠᠪᠤᠷᠠᠨ ᠲᠤᠰᠠᠯᠠᠬᠤ ᠲᠡᠷᠭᠡ ᠨᠢᠭᠡ ᠶᠢ ᠲᠣᠬᠢᠷᠠᠭᠤᠯᠵᠠᠢ︔ ᠴᠠᠰᠤᠨ ᠳᠤ ᠭᠤᠯᠭᠤᠬᠤ ᠲᠠᠯᠠᠪᠠᠢ ᠶᠢᠨ ᠵᠢᠵᠢᠭ ᠪᠢᠴᠢᠯ ᠴᠠᠭ ᠠᠭᠤᠷ ᠤᠨ ᠥᠷᠲᠡᠭᠡ  ᠪᠠᠶᠢᠭᠤᠯᠵᠤ ᠵᠢᠩᠬᠢᠨᠢ ᠪᠠᠷ ᠠᠵᠢᠯᠯᠠᠭᠤᠯᠪᠠ᠃ ᠭᠤᠷᠪᠠ ᠳᠤ  ᠤᠶᠢᠯᠡᠴᠢᠯᠡᠭᠡ ᠶᠢ  ᠠᠳᠬᠤᠨ᠎ᠠ᠄ ᠬᠦᠯᠢᠶᠡᠨ ᠠᠪᠬᠤ ᠲᠥᠰᠦᠯ ᠢ ᠨᠠᠷᠢᠯᠢᠭᠵᠢᠭᠤᠯᠤᠨ᠂  ᠤᠶᠢᠯᠡᠴᠢᠯᠡᠭᠡᠨ ᠤ ᠲᠣᠳᠣᠷᠬᠠᠶ ᠬᠠᠭᠤᠳᠠᠰᠤ ᠶᠢ ᠲᠣᠳᠣᠷᠬᠠᠶᠢᠯᠠᠵᠤ᠂ ᠠᠵᠢᠯ ᠨᠢᠭᠡᠪᠦᠷᠢ ᠶᠢ ᠴᠥᠮ ᠲᠤᠰᠬᠠᠶ ᠬᠥᠮᠦᠨ ᠢᠶᠠᠷ ᠬᠠᠷᠢᠭᠤᠴᠠᠭᠤᠯᠤᠨ᠎ᠠ᠃ ᠠᠵᠢᠯ ᠡᠭᠦᠷᠭᠡ  ᠭᠦᠢᠴᠡᠳᠭᠡᠬᠦ ᠡᠯ᠎ᠡ ᠲᠥᠷᠥᠯ ᠤᠨ ᠪᠠᠲᠤᠯᠠᠭ᠎ᠠ ᠶᠢᠨ ᠲᠡᠷᠭᠡ 36 ᠶᠢ ᠲᠦᠷᠢᠶᠡᠰᠦᠯᠡᠨ ᠬᠡᠷᠡᠭᠯᠡᠵᠦ᠂ 100 ᠰᠠᠶᠢᠨ  ᠲᠤᠷᠠᠴᠤᠳ ᠡᠯᠰᠡᠵᠦ᠂  ᠪᠣᠯᠪᠠᠰᠤᠷᠠᠭᠤᠯᠤᠯ ᠬᠢᠵᠦ᠂ ᠴᠠᠨᠠᠯᠠᠬᠤ ᠲᠠᠯᠠᠪᠠᠢ ᠶᠢᠨ ᠬᠠᠰᠢᠯᠭ᠎ᠠ ᠶᠢ ᠴᠡᠭᠴᠡᠯᠡᠨ ᠵᠠᠰᠠᠵᠤ ᠭᠤᠶᠤᠵᠢᠭᠤᠯᠵᠠᠶ᠃ ᠳᠥᠷᠪᠡ ᠳᠤ ᠨᠠᠷᠢᠨ  ᠵᠤᠶᠢᠯᠡᠰ ᠢ ᠰᠠᠶᠢᠳᠤᠷ ᠠᠳᠬᠤᠬᠤ ᠬᠡᠷᠡᠭᠲᠡᠶ᠄ ᠨᠢᠭᠡ ᠳᠤ ᠲᠥᠰᠦᠯ ᠢ ᠨᠠᠷᠢᠨ ᠨᠢᠮᠪᠠᠶ ᠲᠣᠭᠲᠠᠭᠠᠬᠤ ᠬᠡᠷᠡᠭᠲᠡᠶ᠃  ᠲᠡᠭᠡᠳᠦ ᠱᠠᠲᠤᠨ ᠤ ᠤᠳᠤᠷᠢᠳᠤᠯᠭ᠎ᠠ ᠶᠢᠨ ᠪᠠᠶᠢᠴᠠᠭᠠᠨ ᠰᠤᠳᠤᠯᠤᠯᠲᠠ ᠳᠤ ᠵᠢᠭᠠᠵᠤ ᠭᠠᠷᠭᠠᠭᠰᠠᠨ ᠠᠰᠠᠭᠤᠳᠠᠯ ᠪᠠ ᠳᠤᠷᠠᠳᠤᠭᠰᠠᠨ ᠰᠠᠨᠠᠭᠤᠯᠭ᠎ᠠ ᠲᠠᠢ ᠤᠶᠠᠯᠳᠤᠭᠤᠯᠤᠨ᠂ ᠶᠡᠷᠦᠩᠬᠡᠶ ᠲᠥᠰᠦᠯ ᠪᠠ ᠡᠯ᠎ᠡ ᠲᠤᠰᠬᠠᠶ ᠳᠤᠭᠤᠶᠢᠯᠠᠩ ᠤᠨ ᠠᠵᠢᠯ ᠤᠨ ᠲᠥᠰᠦᠯ ᠳᠤ ᠣᠯᠠᠨ ᠤᠳᠠᠭ᠎ᠠ ᠵᠠᠰᠠᠪᠤᠷᠢ ᠣᠷᠣᠭᠤᠯᠤᠨ ᠲᠡᠭᠦᠯᠳᠡᠷᠵᠢᠭᠦᠯᠵᠦ᠂ ᠨᠠᠷᠢᠯᠢᠭ ᠮᠥᠷᠲᠡᠭᠡᠨ ᠨᠠᠷᠢᠯᠢᠭ ᠪᠣᠯᠭᠠᠬᠤ ᠪᠠᠷ ᠴᠢᠷᠮᠠᠶᠢᠨ᠎ᠠ᠃ ᠬᠤᠶᠠᠷ ᠲᠤ ᠡᠬᠡ ᠳᠠᠩᠰᠠ ᠨᠢ ᠨᠠᠷᠢᠨ  ᠪᠠᠶᠢᠬᠤ ᠬᠡᠷᠡᠭᠲᠡᠶ᠃ ᠲᠥᠰᠦᠯ ᠢ ᠨᠠᠷᠢᠯᠢᠭᠵᠢᠭᠤᠯᠤᠭᠰᠠᠨ ᠰᠠᠭᠤᠷᠢᠨ ᠳᠡᠭᠡᠷ᠎ᠡ᠂ 9 ᠲᠤᠰᠬᠠᠶ ᠲᠥᠷᠥᠯ ᠤᠨ ᠳᠤᠭᠤᠶᠢᠯᠠᠩ ᠲᠣᠰ ᠲᠣᠰ 160  ᠵᠤᠶᠢᠯ ᠤᠨ ᠪᠣᠳᠠᠲᠠᠶ ᠨᠠᠷᠢᠨ  ᠵᠤᠶᠢᠯᠡᠰ ᠤᠨ ᠡᠭᠦᠷᠭᠡ ᠶᠢᠨ ᠡᠬᠡ ᠳᠠᠩᠰᠠ ᠶᠢ ᠵᠢᠭᠰᠠᠭᠠᠵᠤ᠂ ᠣᠳᠣᠬᠠᠨ ᠳᠤ ᠲᠡᠭᠦᠯᠳᠡᠷᠵᠢᠭᠦᠯᠬᠦ ᠠᠵᠢᠯ ᠢ ᠬᠠᠷᠢᠭᠤᠴᠠᠵᠤ ᠪᠣᠶ᠃ ᠭᠤᠷᠪᠠ ᠳᠤ ᠬᠠᠷᠢᠭᠤᠴᠠᠯᠭ᠎ᠠ ᠨᠢ ᠨᠠᠷᠢᠨ  ᠪᠠᠶᠢᠬᠤ ᠬᠡᠷᠡᠭᠲᠡᠶ᠃ ᠨᠠᠷᠢᠨ  ᠵᠤᠶᠢᠯᠡᠰ ᠤᠨ ᠡᠭᠦᠷᠭᠡ ᠨᠢᠭᠡᠪᠦᠷᠢ ᠳᠤ ᠴᠥᠮ ᠪᠣᠳᠠᠲᠠᠶ ᠬᠠᠷᠢᠭᠤᠴᠠᠯᠭ᠎ᠠ ᠡᠭᠦᠷᠭᠡᠯᠡᠭᠴᠢ ᠶᠢ ᠲᠣᠳᠣᠷᠬᠠᠶᠢᠯᠠᠵᠤ᠂ ᠡᠭᠦᠷᠭᠡ ᠲᠣᠳᠣᠷᠬᠠᠶ᠂ ᠡᠭᠦᠷᠭᠡ ᠬᠠᠷᠢᠭᠤᠴᠠᠯᠭ᠎ᠠ ᠲᠣᠳᠣᠷᠬᠠᠶ᠂ ᠬᠠᠷᠢᠭᠤᠴᠠᠯᠭ᠎ᠠ ᠶᠢ ᠬᠥᠮᠦᠨ ᠳᠤᠨᠢ ᠬᠦᠷᠦᠭᠦᠯᠬᠦ ᠬᠡᠷᠡᠭᠲᠡᠶ᠃ ᠳᠥᠷᠪᠡ ᠳᠤ ᠴᠠᠭ ᠤᠨ ᠬᠢᠵᠠᠭᠠᠷ ᠨᠢ ᠨᠠᠷᠢᠨ  ᠪᠠᠶᠢᠬᠤ ᠬᠡᠷᠡᠭᠲᠡᠶ᠃ ᠠᠵᠢᠯ ᠤᠨ ᠡᠭᠦᠷᠭᠡ ᠨᠢᠭᠡᠪᠦᠷᠢ ᠳᠤ ᠴᠥᠮ ᠪᠡᠶᠡᠯᠡᠭᠦᠯᠬᠦ ᠴᠠᠭ ᠤᠨ ᠬᠢᠵᠠᠭᠠᠷ ᠢ ᠲᠣᠳᠣᠷᠬᠠᠶᠢᠯᠠᠵᠤ᠂ ᠴᠠᠭ ᠤᠨ ᠬᠢᠵᠠᠭᠠᠷ ᠤᠨ ᠱᠠᠭᠠᠷᠳᠠᠯᠭ᠎ᠠ ᠶᠣᠰᠣᠭᠠᠷ ᠪᠦᠬᠦ ᠬᠦᠴᠦᠨ ᠢᠶᠠᠷ ᠢᠶᠠᠨ ᠲᠦᠯᠬᠢᠨ ᠠᠬᠢᠭᠤᠯᠬᠤ ᠬᠡᠷᠡᠭᠲᠡᠶ᠃ᠰᠤᠷᠪᠤᠯᠵᠢᠯᠠᠭᠴᠢ᠄ ᠲᠠ ᠳᠠᠭ᠎ᠠ ᠶᠢᠨ ᠨᠠᠭᠤᠷ ᠤᠨ ᠣᠯᠠᠨ ᠤᠯᠤᠰ ᠤᠨ ᠴᠠᠰᠤᠨ ᠳᠤ ᠭᠤᠯᠭᠤᠬᠤ ᠲᠠᠯᠠᠪᠠᠢ ᠶᠢ ᠳᠠᠭᠠᠭᠠᠴᠢᠯᠠᠨ ᠡᠷᠬᠢᠯᠡᠬᠦ ᠴᠢᠳᠠᠪᠤᠷᠢ ᠶᠢᠨ ᠪᠠᠶᠢᠳᠠᠯ ᠢ ᠶᠠᠷᠢᠭᠠᠳ ᠥᠭᠭᠦᠨ᠎ᠡ  ᠤᠤ︖ ᠱᠢ ᠼᠦᠢ ᠴᠢᠨ᠄ ᠳᠠᠭ᠎ᠠ ᠶᠢᠨ ᠨᠠᠭᠤᠷ ᠤᠨ ᠣᠯᠠᠨ ᠤᠯᠤᠰ  ᠤᠨ ᠴᠠᠰᠤᠨ ᠳᠤ ᠭᠤᠯᠭᠤᠬᠤ ᠲᠠᠯᠠᠪᠠᠢ ᠨᠢ ᠵᠡᠭᠦᠨ ᠤᠷᠲᠤᠷᠢᠭ ᠤᠨ 112 ° ᠤᠮᠠᠷᠠᠲᠤ ᠥᠷᠭᠡᠷᠢᠭ ᠤᠨ 40 ° ᠤᠨ ᠬᠤᠭᠤᠷᠣᠨᠳᠣ ᠣᠷᠣᠰᠢᠵᠤ᠂ ᠳᠡᠯᠡᠬᠡᠶ ᠨᠡᠶᠢᠲᠡ ᠪᠠᠷ ᠢᠶᠠᠨ ᠮᠡᠳᠡᠷᠡᠵᠦ  ᠪᠠᠶᠢᠭ᠎ᠠ ᠤᠮᠠᠷᠠᠲᠤ ᠥᠷᠭᠡᠷᠢᠭ ᠤᠨ 40 ° - 42 ° ᠤᠨ ᠬᠠᠮᠤᠭ ᠲᠣᠬᠢᠷᠠᠮᠵᠢᠲᠠᠶ ᠴᠠᠨᠠᠯᠠᠬᠤ ᠴᠠᠭᠠᠷᠢᠭ ᠤᠨ ᠣᠷᠣᠨ ᠪᠣᠯᠤᠨ᠎ᠠ᠂ ᠳᠠᠯᠠᠢ ᠶᠢᠨ ᠲᠦᠪᠰᠢᠨ ᠠᠴᠠ ᠳᠡᠭᠡᠭᠰᠢ ᠡᠷᠭᠦᠭᠳᠡᠴᠡ ᠨᠢ ᠵᠠᠮᠮᠢ - 2100 ᠮᠧᠲᠷ ᠤᠨ ᠬᠤᠭᠤᠷᠣᠨᠳᠣ ᠪᠠᠶᠢᠵᠤ᠂ ᠳᠡᠳ᠋ ᠥᠨᠳᠦᠷᠯᠢᠭ ᠤᠨ ᠣᠷᠣᠨ ᠳᠤ ᠬᠠᠷᠢᠶᠠᠯᠠᠭᠳᠠᠵᠤ᠂ ᠲᠤᠰᠬᠠᠶ ᠮᠡᠷᠭᠡᠵᠢᠯ ᠤᠨ ᠲᠠᠮᠢᠷᠴᠢᠨ ᠤ ᠳᠠᠯᠠᠢ ᠶᠢᠨ ᠲᠦᠪᠰᠢᠨ ᠠᠴᠠ ᠳᠡᠭᠡᠭᠰᠢ ᠪᠡᠶ᠎ᠡ ᠶᠢᠨ ᠴᠢᠳᠠᠪᠤᠷᠢ ᠶᠢᠨ ᠪᠣᠯᠪᠠᠰᠤᠷᠠᠯ ᠬᠢᠬᠦ ᠬᠠᠮᠤᠭ ᠰᠠᠶᠢᠨ ᠲᠠᠯᠠᠪᠤᠷ ᠪᠣᠯᠤᠨ᠎ᠠ᠃ ᠲᠥᠯᠥᠪᠵᠢᠭᠦᠯᠭᠡ ᠶᠢᠨ ᠶᠡᠷᠦᠩᠬᠡᠶ ᠲᠠᠯᠠᠪᠠᠢ 5.85 ᠲᠡᠭᠰᠢ ᠳᠥᠷᠪᠡᠯᠵᠢᠨ ᠺᠢᠯᠣᠮᠧᠲᠷ ᠪᠠᠶᠢᠵᠤ᠂ ᠪᠠᠷᠠᠭᠤᠨ  ᠬᠤᠶᠢᠳᠤ ᠣᠷᠣᠨ ᠤ ᠬᠠᠮᠤᠭ ᠤᠨ ᠶᠡᠭᠡ ᠴᠠᠰᠤᠨ ᠳᠤ ᠭᠤᠯᠭᠤᠬᠤ ᠲᠠᠯᠠᠪᠠᠢ ᠪᠣᠯᠤᠨ᠎ᠠ᠂ ᠪᠠᠭᠤᠯᠲᠠ ᠶᠢᠨ ᠵᠥᠷᠢᠶ᠎ᠡ ᠶᠡᠭᠡ᠂ ᠨᠠᠯᠠᠤ ᠶᠢᠨ ᠬᠡᠯᠪᠡᠷᠢ ᠰᠠᠶᠢᠨ᠂ ᠠᠭᠤᠷ ᠠᠮᠢᠰᠬᠤᠯ ᠰᠠᠶᠢᠨ᠂ ᠣᠷᠴᠢᠨ ᠲᠣᠭᠤᠷᠢᠨ ᠰᠠᠶᠢᠨ᠂ ᠣᠷᠣᠨ ᠪᠠᠶᠢᠷᠢ ᠰᠢᠯᠢᠳᠡᠭ ᠵᠡᠷᠭᠡ ᠲᠠᠪᠤᠨ ᠶᠡᠭᠡ ᠳᠠᠪᠠᠭᠤᠯᠢᠭ ᠲᠠᠢ᠃ ᠴᠠᠰᠤᠨ ᠳᠤ ᠭᠤᠯᠭᠤᠬᠤ ᠲᠠᠯᠠᠪᠠᠢ ᠨᠢ ᠨᠢᠭᠡᠨᠲᠡ ᠥᠨᠳᠥᠷ᠂ ᠳᠤᠮᠳᠠ᠂ ᠠᠩᠬ᠎ᠠ ᠲᠡᠰ ᠤᠨ ᠴᠠᠰᠤᠨ ᠵᠠᠮ᠂ ᠬᠡᠭᠡᠷᠡᠯᠡᠨ ᠭᠦᠶᠦᠬᠦ ᠤᠷᠤᠯᠳᠤᠭᠠᠨ ᠤ ᠵᠠᠮ᠂ ᠳᠠᠩ ᠬᠠᠪᠲᠠᠰᠤᠲᠤ ᠪᠠᠷᠢᠮᠵᠢᠶ᠎ᠠ U ᠬᠡᠯᠪᠡᠷᠢ ᠶᠢᠨ ᠲᠤᠰᠬᠠᠶ ᠮᠡᠷᠭᠡᠵᠢᠯ ᠤᠨ ᠤᠷᠤᠯᠳᠤᠭᠠᠨ ᠤ ᠵᠠᠮ ᠵᠡᠷᠭᠡ 12 ᠵᠤᠷᠪᠤᠰ᠂ ᠴᠠᠰᠤᠨ ᠤ ᠵᠠᠮ ᠤᠨ ᠲᠠᠯᠠᠪᠠᠢ ᠨᠢ 40 ᠭᠠᠷᠤᠶ ᠲᠦᠮᠡᠨ ᠲᠡᠭᠰᠢ ᠳᠥᠷᠪᠡᠯᠵᠢᠨ ᠮᠧᠲᠷ᠂ ᠪᠦᠬᠦ ᠤᠷᠳᠤ ᠨᠢ 14 ᠺᠢᠯᠣᠮᠧᠲᠷ  ᠪᠠᠶᠢᠳᠠᠭ᠃ ᠬᠡᠭᠡᠷᠡᠯᠡᠭᠴᠢ ᠵᠠᠮ ᠤᠨ ᠪᠦᠬᠦ ᠤᠷᠳᠤ ᠨᠢ 7.5 ᠺᠢᠯᠣᠮᠧᠲᠷ᠂ ᠲᠡᠭᠰᠢᠳᠬᠡᠭᠡᠳ 8 ᠮᠧᠲᠷ᠂ ᠡᠷᠭᠦᠭᠳᠡᠴᠡ ᠨᠢ 1500 — ᠺᠦᠮ ᠤᠨ ᠬᠤᠭᠤᠷᠣᠨᠳᠣ ᠪᠠᠶᠢᠵᠤ᠂ ᠳᠤᠮᠳᠠᠴᠢ ᠨᠠᠯᠠᠤ ᠶᠢᠨ ᠬᠠᠷᠢᠴᠠᠯ ᠨᠢ 10 — 15 ᠭᠷᠠᠳᠦ᠋ᠰ ᠤᠨ ᠬᠤᠭᠤᠷᠣᠨᠳᠣ ᠪᠠᠶᠢᠵᠤ᠂ ᠤᠯᠤᠰ  ᠤᠨ ᠳᠣᠲᠣᠭᠠᠳᠤ ᠶᠢᠨ ᠤᠳᠤ  ᠪᠠᠶᠢᠭ᠎ᠠ ᠬᠡᠭᠡᠷᠡᠯᠡᠭᠴᠢ ᠵᠠᠮ ᠤᠨ ᠳᠤᠮᠳᠠ ᠴᠠᠰᠤᠨ ᠵᠠᠮ ᠨᠢ ᠬᠠᠮᠤᠭ ᠤᠨ ᠤᠷᠳᠤ᠂ ᠪᠠᠭᠤᠯᠲᠠ ᠶᠢᠨ ᠵᠥᠷᠢᠶ᠎ᠡ ᠨᠢ ᠬᠠᠮᠤᠭ ᠤᠨ ᠶᠡᠭᠡ᠂ ᠠᠭᠠᠷ ᠤᠨ ᠳᠤᠯᠠᠭᠠᠨ ᠨᠢ ᠬᠠᠬᠢᠷ ᠬᠦᠢᠲᠡᠨ ᠪᠢᠰᠢ ᠠᠽᠢᠶ᠎ᠠ ᠲᠢᠪ ᠤᠨ ᠥᠨᠳᠦᠷᠯᠢᠭ ᠤᠨ ᠪᠠᠷᠢᠮᠵᠢᠶᠠᠲᠤ ᠬᠡᠭᠡᠷᠡᠯᠡᠨ ᠭᠦᠶᠦᠬᠦ ᠤᠷᠤᠯᠳᠤᠭᠠᠨ ᠤ ᠵᠠᠮ ᠪᠣᠯᠤᠨ᠎ᠠ᠃ ᠴᠠᠰᠤᠨ ᠳᠤ ᠭᠤᠯᠭᠤᠬᠤ ᠲᠠᠯᠠᠪᠠᠢ ᠨᠢ ᠹᠷᠠᠨᠼᠢ ᠶᠢᠨ ᠬᠥᠮᠦᠨ ᠤ ᠬᠦᠴᠦ ᠪᠠᠷ ᠴᠠᠰᠤ  ᠤᠶᠢᠯᠡᠳᠬᠦ ᠲᠥᠬᠦᠭᠡᠷᠦᠮᠵᠢ S U F A G ᠶᠢᠨ ᠴᠠᠰᠤ ᠤᠶᠢᠯᠡᠳᠬᠦ ᠮᠠᠰᠢᠨ 50 ᠰᠠᠭᠤᠷᠢ᠂ ᠭᠧᠷᠮᠠᠨ ᠤ ᠴᠠᠰᠤ ᠳᠠᠷᠤᠬᠤ ᠲᠡᠷᠭᠡ 2 ᠰᠠᠭᠤᠷᠢ᠂ 4 ᠬᠥᠮᠦᠨ ᠤ ᠲᠣᠭᠲᠠᠮᠠᠯ ᠡᠯᠭᠦᠭᠦᠷ ᠰᠠᠨᠳᠠᠯᠢ ᠶᠢᠨ ᠳᠡᠭᠦᠵᠢᠩ ᠵᠠᠮᠲᠤ ᠲᠠᠲᠠᠭᠤᠷ ᠲᠡᠷᠭᠡ᠂ 6 ᠬᠥᠮᠦᠨ ᠤ ᠴᠢᠷᠦᠭᠦᠯ ᠰᠠᠨᠳᠠᠯᠢ ᠶᠢᠨ ᠳᠡᠭᠦᠵᠢᠩ ᠵᠠᠮᠲᠤ ᠲᠠᠲᠠᠭᠤᠷ ᠲᠡᠷᠭᠡ᠂ ᠴᠢᠷᠦᠭᠦᠯ ᠡᠯᠭᠦᠭᠦᠷ ᠮᠠᠶ᠋ᠢᠭ ᠤᠨ ᠳᠡᠭᠦᠵᠢᠩ ᠵᠠᠮᠲᠤ ᠲᠠᠲᠠᠭᠤᠷ ᠲᠡᠷᠭᠡ ᠲᠤᠰ ᠪᠦᠷᠢ 1 ᠵᠤᠷᠪᠤᠰ᠂ ᠠᠦ᠋ᠲ᠋ᠣ᠋ ᠡᠷᠭᠢᠯᠲᠡ ᠶᠢᠨ ᠰᠢᠳᠢᠲᠦ ᠬᠡᠪᠢᠰ 4 ᠵᠤᠷᠪᠤᠰ ᠤᠭᠰᠠᠷᠠᠭᠰᠠᠨ ᠪᠠᠶᠢᠨ᠎ᠠ᠃ ᠡᠳᠦᠷ ᠲᠤ 5000 ᠬᠥᠮᠥᠨ ᠬᠦᠯᠢᠶᠡᠨ ᠠᠪᠴᠤ ᠵᠣᠴᠢᠯᠠᠬᠤ ᠴᠢᠳᠠᠪᠤᠷᠢ ᠲᠠᠢ᠂ 600 ᠭᠠᠷᠤᠶ ᠲᠡᠷᠭᠡᠨ ᠵᠣᠭᠰᠣᠭᠠᠯ ᠲᠠᠢ᠃ ᠴᠠᠰᠤᠨ ᠳᠤ ᠭᠤᠯᠭᠤᠬᠤ ᠲᠠᠯᠠᠪᠠᠢ 2018 ᠤᠨ 1 ᠰᠠᠷ᠎ᠠ ᠶᠢᠨ 19 ᠤ ᠡᠳᠦᠷ ᠪᠠᠶᠢᠭᠤᠯᠤᠭᠳᠠᠬᠤ ᠶᠢᠨ ᠬᠠᠮᠲᠤ ᠠᠰᠢᠭᠯᠠᠯᠲᠠ ᠳᠤ ᠣᠷᠣᠵᠤ᠂ ᠤᠷᠢᠳ ᠬᠤᠵᠢᠳ ᠥᠪᠡᠷᠲᠡᠭᠡᠨ ᠵᠠᠰᠠᠬᠤ ᠣᠷᠣᠨ ᠤ ︽ᠠᠷᠪᠠᠨ ᠳᠥᠷᠪᠡᠳᠦᠭᠡᠷ ᠬᠤᠭᠤᠴᠠᠭᠠᠨ ᠤ ᠡᠪᠦᠯ ᠤᠨ ᠤᠯᠠᠷᠢᠯ ᠤᠨ ᠲᠠᠮᠢᠷ ᠤᠨ ᠴᠤᠭᠯᠠᠭᠠᠨ︾ ᠤ ᠬᠡᠭᠡᠷᠡᠯᠡᠨ ᠴᠡᠨᠡᠯᠡᠯᠲᠡ ᠶᠢᠨ ᠡᠪᠦᠯ ᠤᠨ ᠤᠯᠠᠷᠢᠯ ᠤᠨ ᠬᠤᠶᠠᠷ ᠲᠦᠷᠦᠯ ᠪᠠ U ᠬᠡᠯᠪᠡᠷᠢ ᠶᠢᠨ ᠤᠮᠪᠠᠯᠲᠠ ᠶᠢᠨ ᠲᠥᠷᠥᠯ  ᠵᠤᠶᠢᠯ᠂ ᠠᠷᠠᠳ ᠤᠨ ᠣᠯᠢᠮᠫᠢᠺ ᠤᠨ ᠲᠠᠮᠢᠷ ᠤᠨ ᠴᠤᠭᠯᠠᠭᠠᠨ ᠤ ︽ᠨᠢᠭᠡ ᠪᠦᠰᠡ ᠨᠢᠭᠡ ᠵᠠᠮ︾ ᠳᠠᠭᠠᠤ ᠶᠢᠨ 15 ᠤᠯᠤᠰ ᠵᠢᠴᠢ ᠳᠤᠮᠳᠠᠳᠤ ᠤᠯᠤᠰ  ᠤᠨ9 ᠮᠤᠵᠢ ᠶᠢᠨ ︽ᠨᠢᠰᠬᠦ ᠴᠠᠰᠤᠨ ᠤ ᠲᠦᠢᠯᠰᠢᠷᠠᠯ︾ ᠤᠨ ᠣᠯᠠᠨ ᠤᠯᠤᠰ  ᠤᠨ ᠬᠤᠲᠠ ᠨᠦᠭᠦᠳ ᠤᠨ ᠥᠷᠢᠰᠦᠯᠳᠦᠬᠦ ᠤᠷᠤᠯᠳᠤᠭᠠᠨ ︵ᠯᠢᠶᠠᠩᠴᠧᠩ ᠥᠷᠲᠡᠭᠡ︶᠂ ᠬᠤᠶᠠᠳᠤᠭᠠᠷ ᠬᠤᠭᠤᠴᠠᠭᠠᠨ ᠤ ᠪᠥᠬᠦ ᠤᠯᠤᠰ  ᠤᠨ ᠵᠠᠯᠠᠭᠤᠴᠤᠳ ᠤᠨ ᠲᠠᠮᠢᠷ ᠤᠨ ᠴᠤᠭᠯᠠᠭᠠᠨ ᠤ ᠬᠡᠰᠡᠭ ᠴᠠᠰᠤᠨ ᠳᠡᠭᠡᠷᠡᠬᠢ ᠲᠥᠷᠥᠯ  ᠵᠤᠶᠢᠯ᠂ ᠡᠪᠦᠯ ᠤᠨ ᠤᠯᠠᠷᠢᠯ ᠤᠨ ᠲᠡᠮᠦᠷ ᠬᠥᠮᠦᠨ ᠤ ᠭᠤᠷᠪᠠᠨ  ᠵᠤᠶᠢᠯ ᠵᠡᠷᠭᠡ ᠲᠣᠮᠣ ᠬᠡᠯᠪᠡᠷᠢ ᠶᠢᠨ ᠤᠷᠤᠯᠳᠤᠭᠠᠨ ᠢ 4 ᠤᠳᠠᠭ᠎ᠠ ᠳᠠᠭᠠᠭᠠᠴᠢᠯᠠᠨ ᠡᠷᠬᠢᠯᠡᠵᠦ᠂ ᠲᠣᠮᠣ ᠬᠡᠯᠪᠡᠷᠢ ᠶᠢᠨ ᠶᠡᠷᠦᠩᠬᠡᠶᠢᠯᠡᠭᠰᠡᠨ ᠤᠷᠤᠯᠳᠤᠭᠠᠨ ᠡᠷᠬᠢᠯᠡᠬᠦ ᠴᠢᠳᠠᠪᠤᠷᠢ ᠶᠢ ᠪᠦᠷᠢᠯᠳᠦᠭᠦᠯᠵᠡᠶ᠃ ᠰᠤᠷᠪᠤᠯᠵᠢᠯᠠᠭᠴᠢ᠄ ᠱᠢ ᠼᠦᠢ ᠴᠢᠨ ᠳᠡᠳ᠋ ᠰᠢᠶᠠᠨ ᠤ ᠳᠠᠷᠤᠭ᠎ᠠ ᠪᠢᠳᠡᠨ ᠤ ᠰᠠᠨᠠᠯ ᠢ ᠬᠦᠯᠢᠶᠡᠨ ᠠᠪᠤᠭᠰᠠᠨ ᠳᠤ ᠮᠠᠰᠢ ᠲᠠᠯᠠᠷᠬᠠᠵᠤ ᠪᠠᠶᠢᠨ᠎ᠠ᠂ ᠪᠢᠳᠡ ᠠᠷᠪᠠᠨ ᠳᠥᠷᠪᠡᠳᠦᠭᠡᠷ ᠬᠤᠭᠤᠴᠠᠭᠠᠨ ᠤ ᠪᠥᠬᠦ ᠤᠯᠤᠰ  ‍ᠤᠨ‌ᠡᠪᠦᠯ ᠤᠨ ᠤᠯᠠᠷᠢᠯ ᠤᠨ ᠪᠡᠶ᠎ᠡ ᠶᠢᠨ ᠲᠠᠮᠢᠷ ᠤᠨ ᠴᠤᠭᠯᠠᠭᠠᠨ ᠤ ᠪᠠᠶᠢᠳᠠᠯ ᠢ ᠦᠷᠭᠦᠯᠵᠢᠯᠡᠨ ᠠᠩᠬᠠᠷᠬᠤ ᠪᠣᠯᠤᠨ᠎ᠠ᠂ ᠥᠨᠥᠳᠥᠷ ᠤᠨ  ᠪᠠᠶᠢᠳᠠᠯ ᠠᠳᠡ ᠬᠦᠷᠦᠭᠡᠳ ᠲᠡᠭᠦᠰᠦᠯ᠎ᠡ᠂ ᠰᠦᠯᠵᠢᠶᠡᠨ ᠤ ᠠᠨᠳᠠ ᠨᠠᠷ ᠳᠠᠷᠠᠭ᠎ᠠ ᠤᠳᠠᠭ᠎ᠠ ᠪᠠᠶᠠᠷᠲᠠᠶ ᠵᠣᠯᠭᠠᠶ᠎ᠠ᠃                                           ᠤᠷᠴᠢᠭᠤᠯᠤᠭᠴᠢ᠄ ᠼᠦᠢ ᠴᠢᠩ
 
ᠢᠷᠡᠯᠲᠡ᠄ ᠯᠢᠶᠠᠩᠴᠧᠩ ᠰᠢᠶᠠᠨ ᠤ ᠠᠷᠠᠳ ᠤᠨ ᠵᠠᠰᠠᠭ ᠤᠨ ᠤᠷᠳᠤᠨ ᠤ ᠬᠢᠳᠡᠳ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19002733号-2