ᠲᠠᠭ᠎ᠠ ᠶᠢᠨ ᠨᠠᠭᠤᠷ ᠤᠯᠠᠨ ᠤᠯᠤᠰ ᠤᠨ ᠴᠠᠰᠤᠨ ᠳᠤ ᠭᠤᠯᠭᠤᠬᠤ ᠲᠠᠯᠠᠪᠠᠢ᠄ ᠠᠵᠢᠯ ᠡᠬᠢᠯᠡᠬᠦ ᠤᠭᠲᠤᠯᠭ᠎ᠠ ᠶᠢᠨ ᠤᠷᠤᠯᠳᠤᠭᠠᠨ ᠡᠷᠬᠢᠯᠡᠵᠦ ᠮᠥᠰᠥ ᠴᠠᠰᠤᠨ ᠤ ᠵᠢᠭᠤᠯᠴᠢᠯᠠᠯ ᠢ ᠬᠥᠲᠥᠯᠥᠨ ᠲᠠᠭᠠᠭᠤᠯᠬᠤ ᠰᠢᠨ᠎ᠡ ᠪᠠᠶᠢᠳᠠᠯ ᠢ ᠨᠡᠭᠡᠭᠡᠪᠡ
ᠨᠡᠶᠢᠲᠡᠯᠡᠭᠰᠡᠨ ᠴᠠᠭ᠄
2020/11/24
   ᠲᠦᠷᠦᠭᠦᠬᠡᠨ᠂ ᠯᠢᠶᠠᠩᠴᠧᠩ ᠰᠢᠶᠠᠨ ᠤ ᠳ᠋ᠦᠩ ᠶᠢᠨ ᠱᠠᠨ ᠠᠭᠤᠯᠠᠨ ᠤ ᠠᠷᠤ ᠪᠠᠯ ᠳᠤ ᠪᠠᠶᠢᠷᠢᠯᠠᠭᠰᠠᠨ ᠳᠠᠭ᠎ᠠ ᠶᠢᠨ ᠨᠠᠭᠤᠷ ᠤᠨ ᠣᠯᠠᠨ ᠤᠯᠤᠰ ‍ᠤᠨ‌‍ᠴᠠᠰᠤᠨ ᠳᠤ ᠭᠤᠯᠭᠤᠬᠤ ᠲᠠᠯᠠᠪᠠᠶ ᠨᠢ ᠭᠤᠶᠢᠳᠠ ᠰᠠᠶᠢᠬᠠᠨ ᠣᠷᠴᠢᠨ ᠲᠣᠭᠤᠷᠢᠨ᠂ ᠴᠢᠨᠠᠷ ᠰᠠᠶᠢᠲᠠᠶ  ᠤᠶᠢᠯᠡᠴᠢᠯᠡᠭᠡᠨ᠂ ᠡᠯᠪᠡᠭ ᠪᠠᠶᠠᠯᠢᠭ ᠴᠠᠰᠤᠨ ᠵᠠᠮ ᠢᠶᠠᠷ ᠳᠡᠯᠡᠬᠡᠶᠢᠵᠢᠭᠰᠡᠨ ᠬᠠᠲᠠᠭᠤ ᠲᠣᠨᠤᠭ ᠲᠥᠬᠦᠭᠡᠷᠦᠮᠵᠢ᠂ ᠰᠢᠨ᠎ᠡ ᠶᠢ ᠡᠭᠦᠳᠬᠦ ᠡᠵᠡᠩᠨᠡᠯᠲᠡ ᠶᠢᠨ ᠣᠶᠢᠯᠠᠭᠠᠭᠳᠠᠬᠤᠨ᠂  ᠴᠤ ᠰᠢᠨ᠎ᠡ ᠡᠵᠡᠩᠨᠡᠯᠲᠡ ᠶᠢᠨ ᠵᠠᠭᠪᠤᠷ ᠢᠶᠠᠷ ᠢᠶᠠᠨ ᠠᠩᠬᠠᠨ ᠤ ᠪᠦᠯᠦᠭ ᠮᠥᠰᠥ ᠴᠠᠰᠤᠨ ᠳᠤ ᠪᠠᠭ᠋ᠠᠲᠠᠶ ᠬᠥᠮᠦᠰ ᠢ ᠤᠭᠲᠤᠨ ᠠᠪᠴᠢᠷᠠᠪᠠ᠃
      ᠲᠩᠷᠢ ᠰᠠᠶᠢᠬᠠᠨ ᠪᠣᠯᠵᠤ᠂ ᠠᠭᠤᠯᠠᠰ ᠤᠨ ᠬᠦᠷᠢᠶᠡᠯᠡᠭᠰᠡᠨ ᠴᠠᠰᠤᠨ ᠳᠤ ᠭᠤᠯᠭᠤᠬᠤ ᠲᠠᠯᠠᠪᠠᠢ ᠴᠠᠰᠤᠨ ᠮᠠᠨᠠᠨ ᠳᠤᠮᠳᠠ ᠪᠦᠷᠬᠦᠪᠡ᠃ ᠥᠩᠭᠡᠲᠦ ᠴᠠᠰᠤᠨ ᠬᠤᠪᠴᠠᠰᠤ ᠡᠮᠦᠰᠦᠭᠰᠡᠨ ᠮᠢᠩᠭ᠎ᠠ ᠰᠢᠬᠠᠮ ᠴᠠᠰᠤᠨ ᠭᠤᠯᠭᠤᠭᠴᠢ ᠡᠨᠡ ᠬᠤᠭᠤᠷᠣᠨᠳᠣ ᠲᠦᠭᠡᠵᠦ᠂ ᠵᠢᠱᠢᠶᠡᠯᠡᠪᠡᠯ ᠭᠧ ᠰᠠᠩ ᠬᠤᠸᠠ ᠴᠠᠰᠤ ᠮᠥᠰᠥᠨ ᠳᠤ ᠳᠡᠯᠭᠡᠷᠡᠭᠰᠡᠨ ᠨᠢ ᠮᠠᠰᠢ ᠭᠤᠶᠣ ᠬᠠᠷᠠᠭᠳᠠᠨ᠎ᠠ᠃ ᠠᠩᠬ᠎ᠠ ᠰᠤᠷᠴᠤ  ᠪᠠᠶᠢᠭ᠎ᠠ ᠬᠥᠮᠦᠰ ᠳᠠᠰᠬᠠᠯᠵᠢᠭᠤᠯᠤᠭᠴᠢ ᠶᠢᠨ ᠵᠢᠯᠣᠭᠤᠳᠤᠯᠭ᠎ᠠ ᠳᠣᠣᠷ᠎ᠠ  ᠰᠤᠷᠬᠤ ᠳᠤ ᠬᠦᠴᠢᠷ ᠪᠠᠶᠢᠯ᠎ᠠ᠃ ᠵᠢᠭᠠᠬᠠᠨ ᠰᠡᠷᠡᠭᠳᠡᠯ ᠲᠠᠢ ᠪᠣᠯᠤᠮᠠᠭᠴᠠ ᠰᠢᠳᠢᠲᠦ ᠬᠡᠪᠢᠰ ᠳᠡᠭᠡᠷ᠎ᠡ ᠭᠠᠷᠴᠤ᠂ ᠠᠭᠤᠯᠠᠨ ᠪᠠᠯ ᠤᠨ ᠵᠢᠭᠠᠨ ᠰᠤᠷᠭᠠᠯᠳᠡ ᠶᠢᠨ ᠵᠠᠮ ᠳᠡᠭᠡᠷ᠎ᠡ ᠭᠠᠷᠪᠠ᠃ ᠳᠠᠰᠬᠠᠯᠵᠢᠭᠤᠯᠤᠭᠴᠢ ᠶᠢᠨ ᠤᠯᠠᠮᠵᠢᠯᠠᠯᠲᠠ᠂ ᠬᠠᠪᠰᠤᠷᠤᠯᠭ᠎ᠠ᠂ ᠪᠦᠰᠡᠨ ᠳᠣᠣᠷ᠎ᠠ᠂ ᠭᠤᠯᠭᠤᠭᠤᠷ ᠬᠠᠪᠲᠠᠰᠤ ᠶᠢ  ᠬᠢᠰᠬᠢᠵᠦ ᠴᠠᠰᠤᠨ ᠲᠠᠶᠠᠭ ᠢᠶᠠᠨ ᠬᠠᠪᠴᠢᠨ ᠪᠠᠭᠤᠨ᠎ᠠ᠃
   ᠴᠠᠰᠤᠨ ᠳᠤ ᠭᠤᠯᠭᠤᠬᠤ ᠲᠠᠯᠠᠪᠠᠢ ᠶᠢᠨ ᠪᠣᠷᠣᠯᠠᠭᠤᠯᠭ᠎ᠠ ᠶᠢᠨ ᠶᠡᠷᠦᠩᠬᠡᠶ ᠬᠢᠨᠠᠭᠴᠢ ᠯᠢᠦ ᠪᠢᠨ ᠬᠠᠢ ᠲᠠᠨᠢᠯᠴᠠᠭᠤᠯᠬᠤ ᠳᠠᠭᠠᠨ᠂ 11 ᠰᠠᠷ᠎ᠠ ᠶᠢᠨ 20 ᠤ ᠡᠳᠦᠷ ᠠᠴᠠ 21 ᠤ ᠡᠳᠦᠷ ᠪᠣᠯᠲᠠᠯ᠎ᠠ᠂ ᠴᠠᠰᠤ ᠭᠤᠯᠭᠤᠬᠤ ᠲᠠᠯᠠᠪᠠᠶ ᠬᠤᠶᠠᠷ ᠡᠳᠦᠷ ᠤᠨ  ᠬᠤᠭᠤᠴᠠᠭ᠎ᠠ ᠪᠥᠬᠦᠶ ᠦᠨ᠎ᠡ ᠲᠥᠯᠥᠪᠦᠷᠢ ᠥᠬᠡᠶ ᠲᠤᠷᠰᠢᠨ ᠭᠤᠯᠭᠤᠬᠤ ᠠᠵᠢᠯᠯᠠᠭ᠎ᠠ ᠶᠢ ᠵᠣᠬᠢᠶᠠᠨ ᠪᠠᠶᠢᠭᠤᠯᠪᠠ᠃ ᠠᠵᠢᠯᠯᠠᠭᠠᠨ ᠤ ᠬᠤᠭᠤᠴᠠᠭᠠᠨ ᠳᠤ᠂ ᠴᠠᠰᠤᠨ ᠳᠤ ᠭᠤᠯᠭᠤᠬᠤ ᠳᠤᠷᠠᠲᠠᠶ ᠬᠥᠮᠦᠰ ᠵᠥᠪᠬᠡᠨ 20 ᠲᠥᠭᠦᠷᠢᠭ ᠤᠨ ᠴᠠᠰᠤᠨ ᠳᠤ ᠭᠤᠯᠭᠤᠬᠤ ᠳᠠᠭᠠᠳᠬᠠᠯ  ᠲᠤᠰᠢᠶᠠᠪᠠᠯ ᠳᠠᠷᠤᠶ ᠲᠥᠯᠥᠪᠦᠷᠢ ᠥᠬᠡᠶ ᠪᠠᠷ ᠲᠠᠯᠠᠪᠠᠶ ᠳᠤ ᠣᠷᠣᠵᠤ᠂ ᠴᠠᠰᠤᠨ ᠳᠤ ᠭᠤᠯᠭᠤᠬᠤ ᠲᠠᠯᠠᠪᠠᠶ ᠨᠢ ᠲᠥᠯᠥᠪᠦᠷᠢ  ᠦᠭᠡᠢ ᠪᠠᠷ ᠴᠠᠰᠤᠨ ᠳᠤ ᠭᠤᠯᠭᠤᠬᠤ ᠬᠡᠷᠡᠭᠰᠡᠯ ᠢ ᠬᠠᠩᠭᠠᠵᠤ ᠪᠣᠯᠤᠨ᠎ᠠ᠃ ᠴᠠᠰᠤᠨ ᠳᠤ ᠭᠤᠯᠭᠤᠬᠤ ᠲᠤᠷᠰᠢᠯᠲᠠ ᠶᠢᠨ ᠬᠤᠭᠤᠴᠠᠭᠠᠨ ᠳᠤ᠂ ᠴᠠᠰᠤᠨ ᠳᠤ ᠭᠤᠯᠭᠤᠬᠤ ᠰᠤᠷᠭᠠᠭᠤᠯᠢ ᠪᠠᠰᠠ ᠬᠤᠶᠠᠷ  ᠡᠳᠦᠷ ᠦᠨ᠎ᠡ ᠲᠥᠯᠥᠪᠦᠷᠢ ᠦᠭᠡᠢ ᠪᠠᠷ ᠢᠯᠡ ᠪᠠᠷ ᠪᠣᠯᠪᠠᠰᠤᠷᠠᠭᠤᠯᠬᠤ ᠬᠢᠴᠢᠶᠡᠯ ᠪᠡᠯᠡᠳᠬᠡᠪᠡ᠃ ᠤᠳᠤ᠂ ᠠᠩᠬ᠎ᠠ ᠵᠡᠷᠭᠡ ᠶᠢᠨ ᠭᠤᠷᠪᠠᠨ ᠴᠠᠰᠤᠲᠤ ᠵᠠᠮ ᠨᠢᠭᠡᠨᠲᠡ ᠨᠡᠭᠡᠭᠡᠭᠳᠡᠵᠦ᠂ ᠳᠤᠮᠳᠠ ᠵᠡᠷᠭᠡ ᠶᠢᠨ ᠵᠠᠮ ᠰᠠᠷ᠎ᠠ ᠶᠢᠨ ᠰᠡᠭᠦᠯᠴᠢ ᠪᠠᠷ ᠨᠡᠭᠡᠭᠡᠭᠳᠡᠬᠦ ᠪᠣᠯᠤᠨ᠎ᠠ᠃ 12 ᠰᠠᠷ᠎ᠠ ᠳᠤ ᠴᠢᠬᠤᠯᠠ ᠤᠷᠤᠯᠳᠤᠭᠠᠨ ᠲᠠᠢ ᠪᠣᠯᠬᠤᠷ᠂ ᠰᠢᠨ᠎ᠡ ᠵᠢᠯ ᠤᠨ ᠰᠢᠨ᠎ᠡ ᠶᠢᠨ ᠨᠢᠭᠡᠨ ᠤ ᠪᠦᠬᠦ  ᠤᠷᠤᠯᠳᠤᠭᠠᠨ ᠤ ᠵᠠᠮ ᠪᠦᠬᠦᠨ ᠢ ᠭᠠᠳᠠᠭᠰᠢ ᠨᠡᠭᠡᠭᠡᠪᠡ᠃
      ᠰᠤᠷᠪᠤᠯᠵᠢᠯᠠᠭᠴᠢ ᠣᠯᠠᠨ ᠤᠯᠤᠰ ᠤᠨ ᠴᠠᠰᠤᠨ ᠳᠤ ᠭᠤᠯᠭᠤᠬᠤ ᠲᠠᠯᠠᠪᠠᠶ ᠶᠢᠨ  ᠤᠶᠢᠯᠡᠴᠢᠯᠡᠭᠡᠨ ᠤ ᠶᠡᠭᠡ ᠲᠢᠩᠬᠢᠮ ᠳᠤ  ᠤᠷᠤᠵᠦ ᠯᠠᠪᠯᠠᠯᠭ᠎ᠠ ᠶᠢᠨ ᠲᠠᠶᠢᠰᠠ᠂ ᠪᠢᠯᠧᠲ ᠬᠤᠳᠠᠯᠳᠤᠬᠤ ᠭᠠᠵᠠᠷ  ᠲᠤ ᠮᠥᠰᠥ  ᠴᠠᠰᠤᠨ ᠳᠤ ᠪᠠᠭ᠋ᠠᠲᠠᠶ ᠬᠥᠮᠦᠰ ᠤᠷᠲᠤ ᠮᠥᠷᠯᠡᠨ ᠵᠢᠭᠰᠠᠵᠠᠶ᠃  ᠲᠡᠳᠡᠨᠡᠷ ᠴᠠᠰᠤᠨ ᠤ ᠲᠠᠯᠠᠪᠤᠷ ᠤᠨ ᠴᠠᠰᠤᠨ ᠵᠠᠮ ᠵᠢᠴᠢ ᠢᠵᠢ ᠬᠤᠭᠤᠯᠠᠨ ᠤ ᠡᠭᠦᠳᠡᠨ ᠪᠢᠯᠧᠲ ᠵᠡᠷᠭᠡ ᠶᠠᠪᠤᠳᠠᠯ ᠢ ᠠᠰᠠᠭᠤᠨ ᠯᠠᠪᠯᠠᠨ᠎ᠠ︔ ᠴᠠᠰᠤᠨ ᠬᠡᠷᠡᠭᠰᠡᠯ ᠤᠨ ᠴᠠᠰᠤᠲᠤ ᠬᠡᠷᠡᠭᠰᠡᠯ ᠢ ᠲᠡᠭᠰᠢ ᠪᠠᠷ ᠡᠯᠭᠦᠵᠦ᠂ ᠳᠤᠭᠤᠯᠠᠭ᠎ᠠ ᠶᠢᠨ ᠱᠠᠬᠠᠶ ᠶᠢ  ᠡᠮᠬᠢ ᠵᠢᠷᠤᠮ ᠲᠠᠢ ᠪᠠᠷ ᠳᠡᠯᠭᠡᠵᠦ᠂ ᠴᠠᠰᠤᠨ ᠬᠡᠷᠡᠭᠰᠡᠯ ᠢ ᠵᠢᠶᠠᠰᠠᠨ ᠳᠡᠭᠡᠷ᠎ᠡ ᠨᠢ ᠳᠡᠯᠭᠡᠨ ᠦᠵᠡᠭᠦᠯᠵᠡᠶ᠃ ᠴᠠᠰᠤ ᠭᠤᠯᠭᠤᠭᠴᠢ ᠮᠦᠷᠦᠯᠡᠨ ᠴᠠᠰᠤᠨ ᠳᠤ ᠭᠤᠯᠭᠤᠬᠤ ᠪᠠᠭᠠᠵᠢ ᠬᠡᠷᠡᠭᠰᠡᠯ ᠢᠶᠠᠨ ᠠᠪᠴᠤ᠂ ᠰᠣᠯᠢᠵᠤ ᠤᠭᠰᠠᠷᠠᠭᠰᠠᠨ ᠤ ᠳᠠᠷᠠᠭ᠎ᠠ ᠬᠡᠦᠬᠡᠨ ᠢᠶᠠᠨ ᠳᠠᠭᠠᠭᠤᠯᠤᠨ ᠴᠠᠰᠤᠨ ᠲᠠᠯᠠᠪᠠᠶ ᠳᠤ ᠣᠷᠣᠭᠤᠯᠤᠨ᠎ᠠ᠃ ᠠᠮᠠᠷᠠᠯᠲᠠ ᠶᠢᠨ ᠭᠠᠵᠠᠷ ᠬᠥᠮᠦᠨ ᠳᠦᠭᠦᠷᠲᠡᠯ᠎ᠡ ᠰᠠᠭᠤᠵᠤ᠂ ᠣᠯᠠᠩᠬᠢ ᠨᠢ ᠡᠷ᠎ᠡ ᠡᠮ᠎ᠡ ᠬᠤᠶᠠᠭᠤᠯᠠ ᠬᠡᠦᠬᠡᠨ ᠢᠶᠠᠨ ᠳᠠᠭᠠᠭᠤᠯᠵᠤ᠂ ᠰᠤᠯᠠ ᠢᠳᠡᠭᠡᠨ ᠢᠳᠡᠵᠦ ᠵᠢᠭᠠᠬᠠᠨ ᠠᠮᠠᠷᠠᠬᠤ ᠪᠤᠶᠤ ᠴᠠᠰᠤᠨ ᠳᠤ ᠭᠤᠯᠭᠤᠬᠤ ᠲᠤᠬᠠᠢ ᠵᠣᠭᠤᠭᠳᠠᠳᠠᠭ᠃ ᠵᠢᠨᠢᠩ ᠤᠨ ᠸᠠᠩ ᠮᠢᠨ ᠰᠤᠷᠪᠤᠯᠵᠢᠯᠠᠭᠴᠢ ᠳᠤ᠄ ᠳᠠᠭ᠎ᠠ ᠶᠢᠨ ᠨᠠᠭᠤᠷ ᠤᠨ ᠣᠯᠠᠨ ᠤᠯᠤᠰ ᠤᠨ ᠴᠠᠰᠤᠨ ᠳᠤ ᠭᠤᠯᠭᠤᠬᠤ ᠲᠠᠯᠠᠪᠤᠷ ᠤᠨ ᠴᠠᠰᠤᠨ ᠤ ᠵᠥᠭᠡᠯᠡᠨ ᠴᠢᠨᠠᠷ ᠨᠢ ᠬᠠᠲᠠᠭᠤ᠂ ᠠᠮᠠᠷᠬᠠᠨ ᠴᠠᠰᠤᠨ ᠳᠤ ᠭᠤᠯᠭᠤᠳᠠᠭ᠂ ᠳᠠᠰᠬᠠᠯᠵᠢᠭᠤᠯᠤᠭᠴᠢ ᠨᠢ ᠬᠥᠮᠦᠨ ᠢᠶᠠᠷ ᠵᠢᠭᠠᠯᠭᠠᠵᠤ᠂ ᠠᠷᠭ᠎ᠠ ᠪᠠᠷᠢᠯ ᠨᠢ  ᠵᠤᠬᠢᠰᠳᠠᠢ ᠪᠠᠶᠢᠳᠠᠭ᠃ ᠮᠢᠨᠦ ᠲᠠᠪᠤᠨ ᠨᠠᠰᠤᠲᠠᠶ ᠥᠬᠢᠨ ᠪᠦᠷ ᠴᠠᠰᠤᠨ ᠳᠤ ᠭᠤᠯᠭᠤᠬᠤ ᠶᠢ ᠰᠤᠷᠴᠠᠶ᠃ ᠲᠡᠷᠡ ᠪᠠᠶᠠᠷᠯᠠᠨ ᠢᠨᠢᠶᠡᠭᠡᠳ  ᠄ ᠠᠭᠤᠷ ᠠᠮᠢᠰᠬᠤᠯ ᠬᠡᠳᠦ᠋ᠢᠪᠡᠷ ᠵᠢᠭᠠᠬᠠᠨ ᠬᠦᠢᠲᠡᠨ ᠪᠣᠯᠪᠠᠴᠤ᠂ ᠪᠢ ᠡᠬᠡᠨᠡᠷ ᠲᠠᠢ ᠪᠠᠨ ᠬᠡᠦᠬᠡᠳ ᠢᠶᠠᠨ ᠳᠠᠭᠠᠭᠤᠯᠵᠤ ᠠᠳᠡ ᠢᠷᠡᠵᠡᠢ᠃ ᠮᠥᠰᠥ ᠴᠠᠰᠤᠨ ᠤ ᠲᠠᠮᠢᠷ ᠤᠨ ᠬᠥᠳᠡᠯᠭᠡᠭᠡᠨ ᠤ ᠬᠠᠪᠤ ᠴᠡᠩᠭᠡᠯ  ᠢ ᠡᠳ᠋ᠯᠡᠨ᠎ᠡ ᠭᠡᠵᠦ ᠪᠠᠶᠠᠷᠳᠠᠢ ᠬᠡᠯᠡᠨ᠎ᠡ᠃
   ᠣᠶᠢᠯᠠᠭᠠᠭᠰᠠᠨ ᠢᠶᠠᠷ᠂ ᠳᠠᠭ᠎ᠠ ᠶᠢᠨ ᠨᠠᠭᠤᠷ ᠤᠨ ᠣᠯᠠᠨ ᠤᠯᠤᠰ ᠤᠨ ᠴᠠᠰᠤᠨ ᠳᠤ ᠭᠤᠯᠭᠤᠬᠤ ᠲᠠᠯᠠᠪᠠᠶ ᠪᠣᠯ ᠤᠮᠠᠷᠠᠳᠤ ᠣᠷᠣᠨ ᠤ ᠴᠣᠷ ᠤᠨ ᠭᠠᠭᠴᠠ ᠴᠠᠰᠤᠨ ᠳᠤ ᠭᠤᠯᠭᠤᠬᠤ᠂ ᠴᠠᠰᠤ ᠨᠠᠭᠠᠳᠬᠤ᠂  ᠪᠠᠭᠤᠳᠠᠯᠯᠠᠬᠤ ᠵᠡᠷᠭᠡ ᠬᠥᠳᠡᠯᠭᠡᠭᠡᠨ ᠤ ᠲᠥᠷᠥᠯ  ᠵᠤᠶᠢᠯ ᠢᠶᠠᠷ ᠨᠢᠭᠡ ᠴᠣᠭᠴᠠ ᠪᠣᠯᠭᠠᠭᠰᠠᠨ ᠳᠥᠷᠪᠡᠨ ᠤᠯᠠᠷᠢᠯ ᠤᠨ ᠠᠮᠠᠷᠠᠯᠲᠠ ᠶᠢᠨ ᠣᠷᠣᠨ ᠪᠣᠯᠤᠨ᠎ᠠ᠃ ᠴᠠᠰᠤᠲᠤ ᠠᠭᠤᠯᠠ ᠶᠢᠨ ᠣᠷᠣᠢ ᠳᠡᠭᠡᠷ᠎ᠡ ᠬᠠᠮᠤᠭ ᠥᠨᠳᠥᠷ ᠲᠡᠭᠡᠨ ᠳᠠᠯᠠᠢ ᠶᠢᠨ ᠲᠦᠪᠰᠢᠨ ᠠᠴᠠ 2100 ᠮᠧᠲᠷ ᠥᠨᠳᠥᠷ᠂ 397 ᠮᠧᠲᠷ ᠤᠨ ᠵᠥᠷᠢᠶ᠎ᠡ ᠲᠠᠢ᠂ ᠥᠨᠳᠥᠷ ᠳᠤᠮᠳᠠ᠂ ᠠᠩᠬ᠎ᠠ ᠵᠡᠷᠭᠡ ᠶᠢᠨ ᠴᠠᠰᠤ ᠭᠤᠯᠭᠤᠬᠤ ᠵᠠᠮ᠂ ᠵᠢᠭᠠᠨ  ᠰᠤᠷᠭᠠᠯᠳᠡ ᠶᠢᠨ ᠵᠠᠮ ᠪᠣᠯᠤᠨ ᠴᠠᠰᠤᠨ ᠵᠠᠮ 12 ᠵᠤᠷᠪᠤᠰ ᠪᠠᠶᠢᠭᠤᠯᠤᠭᠳᠠᠵᠠᠶ᠃ ᠣᠯᠠᠨ ᠤᠯᠤᠰ ᠤᠨ ᠪᠠᠷᠢᠮᠵᠢᠶᠠᠲᠤ ᠬᠡᠭᠡᠷ᠎ᠡ ᠶᠢᠨ ᠤᠷᠤᠯᠳᠤᠭᠠᠨ ᠤ ᠵᠠᠮ ᠪᠠ ᠳᠠᠩ ᠬᠠᠪᠲᠠᠰᠤ ᠶᠢᠨ ᠪᠠᠷᠢᠮᠵᠢᠶᠠᠲᠤ U ᠬᠡᠯᠪᠡᠷᠢ ᠶᠢᠨ ᠣᠩᠭᠤᠴᠠ ᠲᠠᠢ᠃ ᠴᠠᠨ᠎ᠠ ᠶᠢᠨ ᠲᠠᠯᠠᠪᠠᠢ ᠳᠤ ᠪᠠᠰᠠ ᠲᠤᠰᠬᠠᠶ ᠮᠡᠷᠭᠡᠵᠢᠯ ᠤᠨ ᠴᠠᠰᠤᠨ ᠳᠤ ᠭᠤᠯᠭᠤᠬᠤ ᠰᠤᠷᠭᠠᠭᠤᠯᠢ ᠲᠠᠢ᠃ 3 ᠵᠢᠯ ᠠᠴᠠ ᠳᠡᠭᠡᠭᠰᠢ ᠪᠠᠭᠰᠢᠯᠠᠭᠰᠠᠨ ᠨᠠᠰᠤᠨ ᠤ 40 ᠭᠠᠷᠤᠶ ᠳᠠᠰᠬᠠᠯᠵᠢᠭᠤᠯᠤᠭᠴᠢ ᠠᠳᠠᠯᠢ ᠪᠤᠰᠤ ᠬᠢᠷᠢ ᠲᠦᠪᠰᠢᠨ᠂ ᠠᠳᠠᠯᠢ ᠪᠤᠰᠤ ᠨᠠᠰᠤᠨ ᠤ ᠴᠠᠰᠤᠨ ᠳᠤ ᠭᠤᠯᠭᠤᠬᠤ ᠳᠤᠷ᠎ᠠ ᠪᠠᠭ᠋ᠠᠲᠠᠶ ᠬᠥᠮᠦᠰ ᠲᠤ ᠠᠳᠠᠯᠢ ᠪᠤᠰᠤ ᠳᠡᠰ ᠤᠨ  ᠬᠢᠴᠢᠶᠡᠯ ᠭᠠᠷᠭᠠᠵᠤ ᠪᠣᠯᠤᠨ᠎ᠠ᠃
        ᠯᠢᠶᠠᠩᠴᠧᠩ ᠰᠢᠶᠠᠨ ᠤ ᠠᠭᠤᠷ ᠠᠮᠢᠰᠬᠤᠯ ᠤᠨ ᠨᠥᠬᠦᠴᠡᠯ ᠰᠠᠶᠢᠨ᠂ ᠴᠠᠰᠤᠨ ᠤ ᠤᠯᠠᠷᠢᠯ ᠨᠡᠯᠢᠶᠡᠳ ᠣᠷᠳᠣ ᠪᠠᠶᠢᠵᠤ᠂ ᠲᠩᠷᠢ ᠲᠤᠯᠤᠮ᠎ᠠ ᠴᠠᠰᠤᠨ ᠳᠡᠭᠡᠷᠡᠬᠢ ᠬᠥᠳᠡᠯᠭᠡᠭᠡᠨ ᠤ ᠪᠠᠶᠢᠭᠠᠯᠢ ᠶᠢᠨ ᠨᠥᠬᠦᠴᠡᠯ ᠲᠠᠢ ᠪᠠᠶᠢᠳᠠᠭ᠃ ᠣᠶᠢᠷ᠎ᠠ ᠶᠢᠨ ᠵᠢᠯ ᠤᠨ ᠲᠤᠷᠰᠢ᠂ ᠰᠢᠶᠠᠨ ᠤ ᠨᠠᠮ ᠤᠨ ᠬᠤᠷᠢᠶ᠎ᠠ᠂ ᠵᠠᠰᠠᠭ ᠤᠨ ᠣᠷᠳᠣᠨ ᠰᠣᠶᠣᠯ ᠵᠢᠭᠤᠯᠴᠢᠯᠠᠯ ᠤᠨ ᠲᠣᠮᠣ ᠰᠢᠶᠠᠨ ᠤ ᠴᠢᠨᠠᠷ ᠰᠠᠶᠢᠲᠠᠶ ᠬᠥᠭᠵᠢᠯᠲᠡ ᠶᠢ ᠠᠬᠢᠭᠤᠯᠵᠠᠶ᠃ ᠳᠥᠷᠪᠡᠨ ᠤᠯᠠᠷᠢᠯ ᠤᠨ ᠵᠢᠭᠤᠯᠴᠢᠯᠠᠯ ᠤᠨ ᠠᠵᠤ ᠦᠢᠯᠡᠰ ᠢ ᠪᠤᠵᠠᠭᠠᠶᠢᠷᠠᠭᠤᠯᠤᠨ ᠬᠦᠴᠦᠷᠬᠡᠭᠵᠢᠭᠦᠯᠵᠦ᠂ ᠳᠠᠭ᠎ᠠ ᠶᠢᠨ ᠨᠠᠭᠤᠷ᠂ ᠳᠠᠭ᠎ᠠ ᠶᠢᠨ ᠨᠠᠭᠤᠷ ᠤᠨ ᠣᠯᠠᠨ ᠤᠯᠤᠰ ᠤᠨ ᠴᠠᠰᠤᠨ ᠳᠤ ᠭᠤᠯᠭᠤᠬᠤ ᠲᠠᠯᠠᠪᠠᠢ ᠵᠡᠷᠭᠡ ᠵᠢᠭᠤᠯᠴᠢᠯᠠᠯ ᠤᠨ ᠡᠬᠢ ᠪᠠᠶᠠᠯᠢᠭ ᠢ ᠨᠢᠭᠡᠳᠬᠡᠨ᠂ ᠲᠤᠬᠠᠶ ᠶᠢᠨ ᠭᠠᠵᠠᠷ ᠤᠨ ᠪᠠᠶᠢᠭᠠᠯᠢ ᠶᠢᠨ ᠥᠩᠭᠡ ᠦᠵᠡᠮᠵᠢ ᠪᠠ ᠬᠥᠮᠦᠨ ᠰᠣᠶᠣᠯ ᠤᠨ ᠣᠨᠴᠠᠯᠢᠭ ᠲᠠᠭᠠᠨ ᠲᠦᠰᠢᠭᠯᠡᠨ᠂ ᠳᠠᠭ᠎ᠠ ᠶᠢᠨ ᠨᠠᠭᠤᠷ ᠤᠨ ᠬᠠᠯᠠᠭᠤᠨ ᠷᠠᠰᠢᠶᠠᠨ ᠤ ᠮᠥᠰᠥ ᠴᠠᠰᠤᠨ ᠤ ᠵᠢᠵᠢᠭ ᠪᠠᠯᠭᠠᠰᠤ ᠶᠢ ᠪᠠᠶᠢᠭᠤᠯᠵᠤ᠂ ︽ᠮᠥᠰᠥ ᠴᠠᠰᠤ + ᠵᠢᠭᠤᠯᠴᠢᠯᠠᠯ︾ ᠤᠨ ᠭᠦᠨᠵᠡᠭᠡᠶ ᠠᠭᠤᠰᠤᠯᠴᠠᠯ ᠢᠶᠠᠷ ᠭᠠᠷᠳᠠᠴᠠ ᠪᠣᠯᠭᠠᠵᠤ᠂ ᠮᠥᠰᠥ ᠴᠠᠰᠤᠨ ᠤ ᠰᠣᠶᠣᠯ ᠵᠢᠭᠤᠯᠴᠢᠯᠠᠯ ᠤᠨ ᠪᠦᠲᠦᠭᠡᠭᠳᠡᠬᠦᠨ ᠢ ᠪᠠᠶᠠᠯᠢᠭᠵᠢᠭᠤᠯᠵᠤ᠂ ᠵᠢᠨᠢᠩ᠂ ᠳ᠋ᠠᠲ᠋ᠦ᠋ᠩ᠂ ᠴᠢᠭᠤᠯᠤᠯᠲᠤ ᠬᠠᠭᠠᠯᠭ᠎ᠠ᠂ ᠬᠥᠬᠡᠬᠤᠲᠠ ᠵᠡᠷᠭᠡ ᠭᠠᠵᠠᠷ ᠤᠨ ᠮᠥᠰᠥ ᠴᠠᠰᠤᠨ ᠳᠤ ᠪᠠᠭ᠋ᠠᠲᠠᠶ ᠬᠥᠮᠦᠰ ᠢ ᠲᠠᠲᠠᠵᠤ᠂ ᠮᠥᠰᠥ ᠴᠠᠰᠤᠨ ᠤ ᠵᠢᠭᠤᠯᠴᠢᠯᠠᠯ ᠢ ᠬᠥᠭᠵᠢᠶᠡᠨᠲᠡᠶ ᠪᠣᠯᠭᠠᠵᠤ᠂ ᠰᠣᠶᠣᠯ ᠵᠢᠭᠤᠯᠴᠢᠯᠠᠯ ᠤᠨ ᠲᠣᠮᠣ ᠰᠢᠶᠠᠨ ᠤ ᠴᠢᠨᠠᠷ ᠰᠠᠶᠢᠲᠠᠶ ᠬᠥᠭᠵᠢᠯᠲᠡ ᠶᠢᠨ ᠰᠢᠨ᠎ᠡ ᠪᠠᠶᠢᠳᠠᠯ ᠢ ᠪᠣᠶ  ᠪᠤᠯᠭᠠᠪᠠ᠃ ︵ᠰᠤᠷᠪᠤᠯᠵᠢᠯᠠᠭᠴᠢ  ᠰᠦᠩ ᠹᠦ᠋ ᠾᠧᠩ︶                            ᠨᠠᠶᠢᠷᠠᠭᠤᠯᠤᠭᠴᠢ᠄ ᠭᠦᠸᠧ ᠬᠤᠩ ᠰᠢᠶᠠ    ᠡᠤ ᠬᠤᠩ ᠰᠢᠶᠠ                            ᠤᠷᠴᠢᠭᠤᠯᠤᠭᠴᠢ᠄ ᠼᠦᠢ ᠴᠢᠩ
 
ᠢᠷᠡᠯᠲᠡ᠄ ᠠᠮᠢᠵᠢᠷᠠᠯ  ᠪᠢᠯᠬᠠᠭᠰᠠᠨ ᠯᠢᠶᠠᠩᠴᠧᠩ  ᠤᠨ ᠬᠢᠳᠡᠳ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19002733号-2