5 ᠰᠠᠷ᠎ᠠ ᠶᠢᠨ 22 ᠤᠨ ᠡᠳᠦᠷ᠂ ᠰᠢ ᠶᠢᠨ ᠫᠢᠩ ᠶᠡᠷᠦᠩᠭᠡᠢ ᠱᠦᠵᠢ ᠦᠪᠡᠷ ᠤᠨ ᠪᠠᠶᠢᠭ᠎ᠠ ᠠᠷᠪᠠᠨ ᠭᠤᠷᠪᠠᠳᠤᠭᠠᠷ | ᠬᠤᠭᠤᠴᠠᠭᠠᠨ ᠤ ᠪᠦᠬᠦ ᠤᠯᠤᠰ ᠤᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠭᠤᠷᠪᠠᠳᠤᠭᠠᠷ | ᠬᠤᠷᠠᠯ ᠤᠨ ᠦᠪᠦᠷ ᠮᠤᠩᠭᠤᠯ ᠤᠨ ᠲᠦᠯᠦᠭᠡᠯᠡᠭᠴᠢᠳ ᠤᠨ ᠪᠦᠯᠬᠦᠮ ᠤᠨ ᠬᠢᠨᠠᠨ ᠵᠦᠪᠯᠡᠬᠦ ᠳᠤ ᠤᠷᠤᠯᠴᠠᠪᠠ᠃ | ᠰᠢ ᠶᠢᠨ ᠫᠢᠩ ᠶᠡᠷᠦᠩᠭᠡᠢ ᠱᠦᠵᠢ ᠪᠤᠯᠤᠨ ᠹᠸᠢ ᠳ᠋ᠦᠩ ᠪᠢᠨᠲ᠋ᠦ᠋ᠯᠦᠭᠡᠯᠡᠭᠴᠢ ᠶᠢᠨ ᠶᠠᠷᠢᠯᠴᠠᠭ᠎ᠠ ᠳᠤᠤᠷᠠᠬᠢ ᠮᠡᠳᠦ᠄ | ᠶᠡᠷᠦᠩᠭᠡᠢ ᠱᠦᠵᠢ᠄ ︽ᠡᠨᠡ ᠵᠢᠯ ᠬᠢᠵᠢᠭ ᠠᠴᠠ ᠪᠤᠯᠤᠬᠰᠠᠨ ᠠᠵᠤ ᠠᠬᠤᠢ ᠳᠤ ᠦᠵᠡᠬᠦᠯᠦᠭᠰᠡᠨ ᠨᠦᠯᠦᠬᠡ ᠶᠡᠭᠡ ᠤᠤ | ︖︾ | ᠹᠸᠢ ᠳ᠋ᠦᠩ ᠪᠢᠨ ᠶᠡᠷᠦᠩᠭᠡᠢ ᠱᠦᠵᠢ ᠶᠢᠨ ᠡᠨᠡᠬᠦ ᠠᠰᠠᠭᠤᠯᠳᠠ ᠶᠢ ᠰᠤᠨᠤᠰᠤᠭᠠᠳ ᠬᠤᠶᠠᠷ ᠳᠠᠯ᠎ᠠ ᠪᠠᠷ ᠨᠠᠷᠢᠨ | ᠬᠠᠷᠢᠭᠤᠯᠪᠠ᠄ ᠨᠢᠬᠡ ᠳᠠᠯ᠎ᠠ ᠪᠠᠷ ᠳᠤᠬᠠᠢ ᠶᠢᠨ ᠭᠠᠵᠠᠷ ᠤᠨ ᠭᠠᠳᠠᠬᠰᠢ ᠭᠠᠷᠴᠤ ᠬᠦᠯᠦᠰᠦᠨ ᠠᠵᠢᠯ ᠬᠢᠭᠰᠡᠳ ᠳᠠᠷᠠᠭ᠎ᠠ | ᠳᠠᠷᠠᠭ᠎ᠠ ᠪᠠᠷ ᠠᠵᠢᠯ ᠢᠶᠠᠨ ᠡᠬᠢᠯᠡᠬᠦᠯᠪᠡ︔ ᠨᠦᠬᠦᠭᠡ ᠳᠠᠯ᠎ᠠ ᠪᠠᠷ ᠪᠤᠬᠢᠷᠳᠤᠯ ᠦᠬᠡᠢ ᠮᠠᠯ ᠳᠠᠷᠢᠶᠠᠯᠠᠩ ᠤᠨ ᠠᠵᠤ | ᠦᠢᠯᠡᠰ ᠵᠠᠮ ᠢᠶᠠᠨ ᠦᠷᠭᠡᠳᠬᠡᠵᠦ᠂ ᠲᠦᠮᠦᠰᠦ᠂ ᠨᠤᠬᠠᠢ ᠬᠤᠰᠢᠭᠤ ᠪᠤᠷᠤᠯᠠᠭᠤᠯᠭ᠎ᠠ ᠰᠠᠶᠢᠲᠠᠢ ᠪᠤᠯᠵᠤ ᠪᠠᠶᠢᠨ᠎ᠠ᠃ | ᠶᠡᠷᠦᠩᠭᠡᠢ ᠱᠦᠵᠢ᠄ ︽ᠳᠠᠨ ᠤ ᠳᠡᠨᠳᠡᠬᠢ ᠲᠦᠮᠦᠰᠦ ᠶᠢ ᠠᠵᠤ ᠦᠢᠯᠡᠳᠪᠤᠷᠢ ᠶᠢᠨ ᠲᠦᠬᠦᠬᠡᠢ ᠮᠠᠲ᠋ᠧᠷᠢᠶᠠᠯ ᠪᠤᠯᠭᠠᠪᠠᠯ | ᠰᠠᠶᠢᠨ ᠤᠤ ᠡᠰᠡᠪᠡᠯ ᠢᠳᠡᠭᠡᠨ ᠳᠤ ᠬᠡᠷᠡᠭᠯᠡᠪᠡᠯ ᠰᠠᠶᠢᠨ ᠤᠤ︖︾ | ᠹᠸᠢ ᠳ᠋ᠦᠩ ᠪᠢᠨ᠄ ︽ᠢᠳᠡᠭᠡᠨ ᠳᠤ ᠭᠡᠷᠡᠭᠯᠡᠪᠡᠯ ᠰᠠᠶᠢᠨ ᠮᠦᠷᠳᠡᠭᠡᠨ ᠮᠠᠰᠢ ᠰᠠᠶᠢᠨ ᠦᠷ᠎ᠠ ᠶᠢᠨ ᠲᠦᠮᠦᠰᠦ ᠪᠤᠯᠬᠤ | ᠶᠤᠮ︕ ᠤᠢᠢᠷ᠎ᠠ ᠶᠢᠨ ᠬᠤᠭᠤᠴᠠᠭᠠᠨ ᠳᠤ᠂ ᠦᠨ᠎ᠠ ᠬᠠᠨᠭ᠍ᠰᠢ ᠨᠢ ᠪᠠᠭᠤᠷᠠᠬᠰᠠᠨ ᠦᠬᠡᠢ ᠮᠦᠷᠳᠡᠭᠡᠨ ᠬᠠᠷᠢᠨ | ᠦᠰᠴᠢᠭᠡᠭᠰᠡᠨ ᠡ᠃︾ | ᠶᠡᠷᠦᠩᠭᠡᠢ ᠱᠦᠵᠢ᠄ ︽ᠭᠠᠨᠰᠤ ᠶᠢᠨ ᠳᠡᠷᠡ ᠬᠠᠪᠢ ᠳᠠᠬᠢ ᠲᠦᠮᠦᠰᠦ ᠳᠠᠷᠢᠮᠠᠯ ᠨᠢ ᠪᠠᠰᠠ ᠨᠡᠯᠢᠶᠡᠳ ᠨᠡᠷ᠎ᠠ ᠲᠠᠢ ᠪᠢᠵᠡ | ︖︾ | ᠶᠡᠷᠦᠩᠭᠡᠢ ᠱᠦᠵᠢ ᠵᠠᠬ᠎ᠠ ᠳᠡᠯᠬᠡᠬᠦᠷ ᠤᠨ ᠠᠳᠠᠯᠢᠳᠬᠠᠯ ᠬᠢᠵᠤ ᠪᠠᠶᠢᠭ᠎ᠠ ᠰᠠᠨᠠᠭ᠎ᠠ ᠶᠢ ᠤᠢᠢᠯᠠᠭᠠᠬᠰᠠᠨ ᠳᠠᠷᠤᠢ ᠹᠸᠢ | ᠳ᠋ᠦᠩ ᠪᠢᠨ ︽ᠬᠦᠮᠦᠨ ᠳᠤ ᠮᠦᠴᠡᠭᠡ ᠠᠯᠳᠠᠬᠤ ᠦᠬᠡᠢ︾ ᠬᠡᠰᠡᠨ ᠰᠢᠭ ᠢᠨᠢᠶᠡᠮᠰᠦᠭᠯᠡᠵᠦ᠄ ︽ᠮᠠᠨ ᠤ ᠬᠤᠳᠠ | ᠪᠤᠯ ︿ᠲᠦᠮᠦᠰᠦᠨ ᠤ ᠲᠦᠪ﹀᠂ ᠳᠡᠳᠡ ᠪᠤᠯ ︿ᠲᠦᠮᠦᠰᠦᠨ ᠤ ᠨᠤᠳᠤᠬ﹀ ᠪᠤᠯᠤᠨ᠎ᠠ᠃ ᠪᠦᠷ ᠰᠠᠶᠢᠨ︕︾ ᠭᠡᠵᠦ | ᠦᠨᠳᠦᠷ ᠳᠠᠭᠤ ᠪᠠᠷ ᠬᠠᠷᠢᠭᠤᠯᠪᠠ᠃ | ᠬᠠᠷᠢᠭᠤᠯᠵᠤ ᠪᠠᠷᠠᠮᠠᠬᠴᠠ᠂ ᠶᠡᠷᠦᠩᠭᠡᠢ ᠱᠦᠵᠢ ᠪᠤᠯᠤᠨ ᠲᠦᠯᠦᠭᠡᠯᠡᠭᠴᠢᠳ ᠪᠦᠬᠦᠳᠡᠭᠡᠷ ᠢᠶᠠᠨ ᠢᠨᠢᠶᠡᠵᠡᠬᠡᠪᠡ ᠁ | | ᠨᠠᠶᠢᠷᠠᠭᠤᠯᠤᠭᠴᠢ᠄ ᠤᠯᠠᠭᠠᠨᠴᠡᠴᠡᠭ |