ᠰᠢᠨᠬᠤᠸᠠ ᠬᠤᠷᠢᠶᠠᠨ ᠤ ᠥᠪᠥᠷ ᠮᠣᠩᠭᠤᠯ ᠤᠨ ᠬᠤᠪᠢᠶᠠᠷᠢ ᠬᠤᠷᠢᠶ᠎ᠠ ᠶᠢᠨ ᠳᠠᠷᠤᠭ᠎ᠠ ᠢᠦᠢ ᠴᠠᠩ ᠬᠤᠩ ᠮᠠᠨ ᠤ ᠰᠢᠶᠠᠨ  ᠳᠤ ᠭᠦᠨᠵᠡᠭᠡᠶᠢᠷᠡᠨ ᠪᠠᠶᠢᠴᠠᠭᠠᠨ ᠰᠤᠳᠤᠯᠤᠯᠲᠠ ᠰᠤᠷᠪᠤᠯᠵᠢᠯᠠᠭ᠎ᠠ  ᠬᠢᠪᠡ
ᠨᠡᠶᠢᠲᠡᠯᠡᠭᠰᠡᠨ ᠴᠠᠭ᠄
2020-06-15
    6 ᠰᠠᠷ᠎ᠠ ᠶᠢᠨ 11 ᠤ ᠡᠳᠦᠷ ᠠᠴᠠ 12 ᠤᠨ ᠡᠳᠦᠷ ᠪᠣᠯᠲᠠᠯ᠎ᠠ᠂ ᠰᠢᠨᠬᠤᠸᠠ ᠬᠤᠷᠢᠶᠠᠨ ᠤ ᠥᠪᠥᠷ ᠮᠣᠩᠭᠤᠯ ᠤᠨ ᠬᠤᠪᠢᠶᠠᠷᠢ ᠬᠤᠷᠢᠶᠠᠨ ᠤ ᠳᠠᠷᠤᠭ᠎ᠠ ᠢᠦᠶ ᠴᠠᠩ ᠬᠤᠩ ᠨᠠᠷ ᠮᠠᠨ ᠤ ᠰᠢᠶᠠᠨ ᠳᠤ ᠭᠦᠨᠵᠡᠭᠡᠶᠢᠷᠡᠨ ᠪᠠᠶᠢᠴᠠᠭᠠᠨ ᠰᠤᠳᠤᠯᠤᠯᠲᠠ ᠰᠤᠷᠪᠤᠯᠵᠢᠯᠠᠭ᠎ᠠ  ᠬᠢᠪᠡ᠃ ᠬᠤᠲᠠ ᠶᠢᠨ ᠨᠠᠮ ᠤᠨ ᠬᠤᠷᠢᠶ᠎ᠠ ᠶᠢᠨ ᠪᠠᠶᠢᠩᠭᠤ ᠶᠢᠨ ᠭᠡᠰᠢᠭᠦᠨ᠂ ᠤᠬᠠᠭᠤᠯᠬᠤ ᠬᠡᠯᠲᠡᠰ ᠤᠨ ᠳᠠᠷᠤᠭ᠎ᠠ ᠰᠢᠨ ᠨᠠ᠂ ᠰᠢᠶᠠᠨ ᠤ ᠨᠠᠮ ᠤᠨ ᠬᠤᠷᠢᠶ᠎ᠠ ᠶᠢᠨ ᠱᠦᠵᠢ ᠸᠠᠩ ᠸᠧᠨ᠂ ᠰᠢᠶᠠᠨ ᠤ ᠨᠠᠮ ᠤᠨ ᠬᠤᠷᠢᠶᠠᠨ ᠤ ᠳᠡᠳ᠋ ᠱᠦᠵᠢ᠂ ᠵᠠᠰᠠᠭ ᠤᠨ ᠣᠷᠳᠣᠨ ᠤ ᠰᠢᠶᠠᠨ ᠤ ᠳᠠᠷᠤᠭ᠎ᠠ  ᠢᠦᠢ ᠳ᠋ᠠᠶ ᠴᠢᠩ᠂ ᠰᠢᠶᠠᠨ ᠤ ᠨᠠᠮ ᠤᠨ ᠬᠤᠷᠢᠶᠠᠨ ᠤ ᠪᠠᠶᠢᠩᠭᠤ ᠶᠢᠨ ᠭᠡᠰᠢᠭᠦᠨ᠂ ᠤᠬᠠᠭᠤᠯᠬᠤ ᠬᠡᠯᠲᠡᠰ ᠤᠨ ᠳᠠᠷᠤᠭ᠎ᠠ ᠯᠢ ᠹᠧᠩ ᠱᠤᠸᠠᠩ᠂ ᠰᠢᠶᠠᠨ ᠤ ᠨᠠᠮ ᠤᠨ ᠬᠤᠷᠢᠶᠠᠨ ᠤ ᠪᠠᠶᠢᠩᠭᠤ ᠶᠢᠨ ᠭᠡᠰᠢᠭᠦᠨ᠂ ᠰᠢᠶᠠᠨ ᠤ ᠨᠠᠮ ᠤᠨ ᠬᠤᠷᠢᠶᠠᠨ ᠤ ᠠᠯᠪᠠᠨ ᠬᠡᠷ ᠤᠨ ᠡᠷᠬᠢᠯᠡᠭᠴᠢ ᠷᠧᠨ ᠳ᠋ᠦᠩ ᠮᠢᠩ᠂ ᠵᠠᠰᠠᠭ ᠤᠨ ᠣᠷᠳᠣᠨ ᠤ ᠳᠡᠳ᠋ ᠰᠢᠶᠠᠨ ᠤ ᠳᠠᠷᠤᠭ᠎ᠠ ᠵᠢᠶᠠ ᠰᠢᠶᠤᠤ ᠫᠢᠩ ᠪᠠᠶᠢᠴᠠᠭᠠᠨ ᠰᠤᠳᠤᠯᠤᠯᠲᠠ ᠳᠤ ᠣᠷᠣᠯᠴᠠᠪᠠ᠃
    ᠢᠦᠶ ᠴᠠᠩ ᠬᠤᠩ ᠨᠠᠷ ᠤᠷᠢᠳ ᠬᠤᠵᠢᠳ ᠳᠠᠭ᠎ᠠ ᠶᠢᠨ ᠨᠠᠭᠤᠷ ᠤᠨ ᠬᠤᠶᠢᠲᠤ ᠡᠷᠭᠢ ᠶᠢᠨ ᠭᠠᠷᠠᠮ᠂ ᠳᠠᠭ᠎ᠠ ᠶᠢᠨ ᠨᠠᠭᠤᠷ ᠤᠨ ᠡᠮᠦᠨ᠎ᠡ ᠡᠷᠭᠢ ᠶᠢᠨ ᠭᠠᠷᠠᠮ᠂ ᠳᠠᠭ᠎ᠠ ᠶᠢᠨ ᠨᠠᠭᠤᠷ ᠤᠨ ᠴᠠᠬᠢᠯᠭᠠᠨ ᠤ ᠤᠶᠢᠯᠡᠳᠪᠤᠷᠢ᠂ ᠭᠦᠩ ᠪᠠ ᠾᠧ ᠭᠤᠤᠯ  ᠤᠨ ᠠᠮᠢ ᠠᠬᠤᠶ ᠶᠢᠨ ᠪᠠᠴᠢᠮ ᠪᠠᠶᠢᠳᠠᠯ ᠢ  ᠠᠷᠭᠠᠴᠠᠭᠠᠬᠤ ᠤᠰᠤ ᠨᠥᠬᠦᠪᠥᠷᠢᠯᠡᠬᠦ ᠢᠨᠵᠧᠨᠧᠷᠢᠩ ᠤᠨ  ᠤᠰᠤᠨ ᠴᠦᠬᠦᠷᠦᠮ᠂ ᠬᠤᠩ ᠮᠤᠤ  ᠪᠠᠯᠭᠠᠰᠤᠨ ᠤ ᠪᠠᠶ ᠷᠦᠨ ᠱᠸᠦ ᠲᠡᠵᠢᠭᠡᠨ ᠦᠷᠡᠵᠢᠭᠦᠯᠬᠦ ᠲᠠᠯᠠᠪᠠᠶ᠂ ᠬᠤᠩ ᠮᠤᠤ  ᠪᠠᠯᠭᠠᠰᠤᠨ ᠤ  ᠡᠭᠴᠡ ᠭᠤᠤ᠂ ᠬᠤᠩ ᠮᠤᠤ ᠪᠠᠯᠭᠠᠰᠤᠨ ᠤ ᠯᠦᠩ ᠴᠢᠤᠸᠠᠨ ᠱᠠᠨ ᠠᠭᠤᠯᠠ ᠶᠢᠨ ᠬᠥᠷᠥᠰᠥ ᠰᠢᠷᠣᠶ ᠶᠢ ᠬᠠᠮᠠᠭᠠᠯᠠᠬᠤ ᠲᠥᠷᠥᠯ  ᠵᠤᠶᠢᠯ ᠤᠨ ᠲᠤᠬᠠᠶ ᠶᠢᠨ ᠲᠠᠯᠠᠪᠠᠶ᠂ ᠬᠤᠩ ᠮᠤᠤ  ᠪᠠᠯᠭᠠᠰᠤᠨ ᠤ ᠠᠨ ᠽᠢ ᠱᠠᠨ ᠲᠣᠰᠬᠤᠨ᠂ ᠬᠤᠩ ᠮᠤᠤ ᠪᠠᠯᠭᠠᠰᠤᠨ ᠤ ᠯᠣᠤ ᠸᠠ ᠶᠢᠩ ᠲᠣᠰᠬᠤᠨ ᠤ ᠣᠷᠭᠠᠨᠢᠭ ᠡᠷᠲᠡ ᠲᠠᠷᠢᠶᠠᠯᠠᠩ ᠤᠨ ᠵᠢᠱᠢᠶ᠎ᠡ ᠦᠵᠡᠭᠦᠯᠬᠦ ᠰᠠᠭᠤᠷᠢᠨ ᠭᠠᠵᠠᠷ᠂ ᠬᠤᠩ ᠮᠤᠤ ᠰᠣᠶᠣᠯ ᠤᠨ ᠣᠷᠳᠣᠨ  ᠵᠡᠷᠭᠡ ᠭᠠᠵᠠᠷ ᠢᠶᠠᠷ ᠤᠴᠢᠪᠠ᠃ ᠮᠠᠨ ᠤ ᠰᠢᠶᠠᠨ ᠤ  ᠲᠠᠭ᠎ᠠ ᠶᠢᠨ ᠨᠠᠭᠤᠷ ᠤᠰᠤᠨ ᠤ ᠠᠮᠢ ᠠᠬᠤᠶ ᠶᠢ ᠶᠡᠷᠦᠩᠬᠡᠶᠢᠯᠡᠨ ᠵᠠᠰᠠᠭᠰᠠᠨ ᠪᠠᠶᠢᠳᠠᠯ ᠤᠨ ᠲᠤᠬᠠᠶ ᠪᠠᠶᠢᠴᠠᠭᠠᠨ ᠰᠤᠳᠤᠯᠤᠯᠲᠠ ᠰᠤᠷᠪᠤᠯᠵᠢᠯᠠᠭ᠎ᠠ ᠬᠢᠪᠡ᠃ ᠨᠢᠭᠡ ᠭᠠᠵᠠᠷ ᠬᠦᠷᠬᠦ ᠪᠦᠷᠢ᠂ ᠢᠦᠶ ᠴᠠᠩ ᠬᠤᠩ ᠪᠦᠷ ᠬᠠᠮᠢᠶ᠎ᠠ ᠪᠥᠬᠦᠶ ᠬᠠᠷᠢᠭᠤᠴᠠᠯᠭᠠᠲᠠᠨ ᠪᠣᠯᠤᠨ ᠲᠠᠷᠢᠶᠠᠴᠢᠨ ᠡᠷᠦᠬᠡ ᠲᠠᠢ ᠰᠠᠨᠠᠯ ᠢᠶᠠᠨ  ᠭᠦᠨᠵᠡᠭᠡᠢ ᠰᠣᠯᠢᠯᠴᠠᠵᠤ᠂ ᠬᠠᠮᠢᠶ᠎ᠠ ᠪᠥᠬᠦᠶ ᠪᠠᠶᠢᠳᠠᠯ ᠢ ᠨᠠᠷᠢᠨ ᠣᠶᠢᠯᠠᠭᠠᠪᠠ᠃
     ᠪᠠᠶᠢᠴᠠᠭᠠᠨ ᠰᠤᠳᠤᠯᠤᠯᠲᠠ ᠶᠢᠨ ᠳᠤᠮᠳᠠ᠂ ᠸᠠᠩ ᠸᠧᠨ ᠮᠠᠨ ᠤ ᠰᠢᠶᠠᠨ ᠤ  ᠲᠠᠭ᠎ᠠ ᠶᠢᠨ ᠨᠠᠭᠤᠷ ᠤᠰᠤᠨ ᠤ ᠠᠮᠢ ᠠᠬᠤᠶ ᠶᠢ ᠶᠡᠷᠦᠩᠬᠡᠶᠢᠯᠡᠨ ᠵᠠᠰᠠᠭᠰᠠᠨ ᠪᠠᠶᠢᠳᠠᠯ ᠤᠨ ᠲᠤᠬᠠᠶ ᠨᠠᠷᠢᠨ ᠲᠠᠨᠢᠯᠴᠠᠭᠤᠯᠭ᠎ᠠ ᠬᠢᠪᠠ᠃ ᠸᠠᠩ  ᠸᠧᠨ ᠬᠡᠯᠡᠬᠦ ᠳᠡᠭᠡᠨ᠂  ᠤᠶᠢᠷ᠎ᠠ ᠶᠢᠨ ᠵᠢᠯ ᠤᠨ ᠲᠤᠷᠰᠢ᠂ ᠤᠯᠠᠭᠠᠨᠴᠠᠪ ᠬᠤᠲᠠ᠂ ᠯᠢᠶᠠᠩᠴᠧᠩ ᠰᠢᠶᠠᠨ ᠤ ᠨᠠᠮ ᠤᠨ ᠬᠤᠷᠢᠶ᠎ᠠ᠂ ᠵᠠᠰᠠᠭ ᠤᠨ ᠣᠷᠳᠣᠨ  ᠲᠠᠭ᠎ᠠ ᠶᠢᠨ ᠨᠠᠭᠤᠷ ᠤᠰᠤᠨ ᠤ ᠠᠮᠢ ᠠᠬᠤᠶ ᠶᠢ ᠶᠡᠷᠦᠩᠬᠡᠶᠢᠯᠡᠨ ᠵᠠᠰᠠᠬᠤ ᠠᠵᠢᠯ ᠢ ᠢᠮᠠᠭᠲᠠ ︽ᠳᠥᠷᠪᠡᠨ ᠤᠬᠠᠮᠰᠠᠷ︾ ᠢᠶᠠᠨ  ᠴᠢᠩᠭᠠᠳᠬᠠᠵᠤ᠂ ︽ᠳᠥᠷᠪᠡᠨ ᠢᠲᠡᠭᠡᠯ︾ ᠢᠶᠠᠨ ᠪᠠᠲᠤᠳᠬᠠᠬᠤ᠂ ︽ᠬᠤᠶᠠᠷ ᠢ ᠬᠠᠮᠠᠭᠠᠯᠠᠬᠤ︾ ᠶᠢ ᠪᠡᠶᠡᠯᠡᠭᠦᠯᠬᠦ ᠪᠣᠳᠠᠲᠠᠶ ᠠᠵᠢᠯᠯᠠᠭ᠎ᠠ ᠪᠣᠯᠭᠠᠵᠤ᠂ ᠰᠢ ᠶᠢᠨ ᠫᠢᠩ ᠤᠨ ᠠᠮᠢ ᠠᠬᠤᠢ ᠶᠢᠨ ᠪᠣᠯᠪᠠᠰᠤᠨ ᠤ ᠦᠵᠡᠯ ᠰᠠᠨᠠᠭ᠎ᠠ ᠶᠢ ᠬᠢᠨᠠᠮᠠᠭᠠᠶ  ᠰᠤᠷᠤᠯᠴᠠᠵᠤ᠂ ᠶᠡᠷᠦᠩᠬᠡᠶ ᠱᠦᠵᠢ ᠰᠢ ᠶᠢᠨ ᠫᠢᠩ ᠤᠨ ︽ᠭᠤᠷᠪᠠᠨ ᠨᠠᠭᠤᠷ︾ ᠤᠨ ᠲᠤᠬᠠᠶ ᠴᠢᠬᠤᠯᠠ ᠵᠢᠭᠠᠪᠤᠷᠢ ᠴᠣᠬᠤᠯᠠᠪᠤᠷᠢ ᠶᠢᠨ ᠵᠣᠷᠢᠭ ᠰᠠᠨᠠᠭ᠎ᠠ ᠶᠢ ᠡᠷᠡᠰ ᠲᠤᠭᠤᠰᠢᠯᠠᠭᠤᠯᠵᠠᠶ᠂ ︽ᠤᠯᠠᠭᠠᠨᠴᠠᠪ ᠬᠤᠲᠠ ᠶᠢᠨ  ᠲᠠᠭ᠎ᠠ ᠶᠢᠨ ᠨᠠᠭᠤᠷ ᠤᠰᠤᠨ ᠤ ᠠᠮᠢ ᠠᠬᠤᠢ ᠶᠢᠨ ᠬᠠᠮᠠᠭᠠᠯᠠᠯᠲᠠ ᠶᠢᠨ ᠲᠥᠯᠥᠪᠵᠢᠭᠦᠯᠪᠡ︾ ᠶᠢ ᠪᠦᠬᠦ ᠲᠠᠯ᠎ᠠ ᠪᠠᠷ ᠬᠡᠷᠡᠭᠵᠢᠭᠦᠯᠵᠦ᠂ ︽ᠳᠣᠲᠣᠭᠠᠳᠤ ᠠᠴᠠ ᠵᠠᠰᠠᠵᠤ ᠭᠠᠳᠠᠭᠠᠳᠤ ᠠᠴᠠ ᠣᠷᠣᠭᠤᠯᠬᠤ︾ ᠶᠢ ᠤᠶᠠᠯᠳᠤᠭᠤᠯᠬᠤ ᠵᠠᠷᠴᠢᠮ ᠢ ᠪᠠᠷᠢᠮᠲᠠᠯᠠᠨ᠂ ︽ ᠬᠤᠶᠠᠷ ᠢ ᠠᠷᠪᠢᠯᠠᠬᠤ᠂ ᠬᠤᠶᠠᠷ ᠢ ᠨᠥᠬᠦᠪᠥᠷᠢᠯᠡᠬᠦ᠂ ᠬᠤᠶᠠᠷ ᠢ ᠰᠡᠷᠭᠦᠭᠡᠬᠦ︾᠂ ︽ᠳᠥᠷᠪᠡ ᠶᠢ ᠬᠢᠵᠠᠭᠠᠷᠯᠠᠬᠤ ᠭᠤᠷᠪᠠ ᠶᠢ ᠰᠢᠢᠳᠪᠤᠷᠢᠯᠡᠬᠦ︾ ᠠᠷᠭ᠎ᠠ ᠬᠡᠮᠵᠢᠶ᠎ᠡ ᠵᠢᠴᠢ ᠳᠠᠭ᠎ᠠ ᠶᠢᠨ  ᠨᠠᠭᠤᠷ ᠤᠰᠤᠨ ᠤ ᠠᠮᠢ ᠠᠬᠤᠶ ᠶᠢᠨ ᠪᠠᠴᠢᠮ ᠪᠠᠶᠢᠳᠠᠯ ᠢ  ᠠᠷᠭᠠᠴᠠᠭᠠᠬᠤ ᠤᠰᠤ ᠨᠥᠬᠦᠪᠥᠷᠢᠯᠡᠬᠦ ᠢᠨᠵᠧᠨᠧᠷᠢᠩ ᠢ ᠶᠡᠬᠡᠪᠡᠷ ᠬᠡᠷᠡᠭᠵᠢᠭᠦᠯᠵᠡᠶ᠃ ᠳᠠᠭ᠎ᠠ ᠶᠢᠨ  ᠨᠠᠭᠤᠷ ᠤᠰᠤᠨ ᠤ ᠠᠮᠢ ᠠᠬᠤᠶ ᠶᠢ ᠶᠡᠷᠦᠩᠬᠡᠶᠢᠯᠡᠨ ᠵᠠᠰᠠᠬᠤ ᠠᠵᠢᠯ ᠠᠩᠬ᠎ᠠ ᠠᠯᠬᠤᠮ ᠤᠨ ᠦᠷ᠎ᠡ  ᠪᠦᠳᠦᠮᠵᠢ ᠣᠯᠵᠠᠶ᠃ ᠰᠢᠨᠬᠤᠸᠠ ᠬᠤᠷᠢᠶᠠᠨ ᠤ ᠳᠠᠭ᠎ᠠ ᠶᠢᠨ ᠨᠠᠭᠤᠷ ᠤᠨ ᠵᠠᠰᠠᠯᠲᠠ ᠵᠡᠷᠭᠡ ᠠᠵᠢᠯ ᠢ ᠢᠮᠠᠭᠲᠠ ᠠᠩᠬᠠᠷᠴᠤ ᠬᠠᠪᠰᠤᠷᠤᠭᠰᠠᠭᠠᠷ ᠢᠷᠡᠭᠰᠡᠨ ᠳᠤ ᠮᠠᠰᠢ ᠲᠠᠯᠠᠷᠬᠠᠵᠤ ᠪᠠᠶᠢᠨ᠎ᠠ᠃ ᠪᠢᠳᠡ ᠦᠷᠭᠦᠯᠵᠢᠯᠡᠨ ᠴᠢᠷᠮᠠᠶᠢᠨ ᠲᠡᠮᠡᠴᠡᠵᠦ᠂ ᠪᠦᠬᠦ ᠬᠦᠴᠦᠨ ᠢᠶᠠᠷ ᠢᠶᠠᠨ ᠵᠠᠰᠠᠵᠤ᠂ ᠠᠵᠤ ᠠᠬᠤᠶ ᠨᠡᠶᠢᠭᠡᠮ ᠤᠨ ᠬᠥᠭᠵᠢᠯᠲᠡ ᠶᠢᠨ ᠡᠯ᠎ᠡ  ᠵᠤᠶᠢᠯ ᠤᠨ ᠠᠵᠢᠯ ᠢ ᠰᠠᠶᠢᠲᠤᠷ ᠬᠢᠬᠦ ᠳᠤ᠂ ᠰᠢᠨᠬᠤᠸᠠ ᠬᠤᠷᠢᠶᠠᠨ ᠤ ᠪᠢᠳᠡᠨ ᠳᠤ ᠲᠠᠯᠪᠢᠭᠰᠠᠨ ᠬᠦᠰᠡᠯ ᠡᠷᠡᠮᠡᠯᠵᠡᠯ ᠢ ᠶᠠᠭᠠᠬᠢᠭᠰᠠᠨ ᠴᠤ ᠬᠥᠰᠡᠷᠳᠡᠭᠦᠯᠬᠦ ᠥᠬᠡᠶ ᠶᠤᠮ᠃
      ᠢᠦᠢ ᠴᠠᠩ ᠬᠤᠩ ᠮᠠᠨ ᠤ ᠰᠢᠶᠠᠨ ᠤ ᠳᠠᠭ᠎ᠠ ᠶᠢᠨ ᠨᠠᠭᠤᠷ ᠤᠰᠤᠨ ᠤ ᠠᠮᠢ ᠠᠬᠤᠢ ᠶᠢ ᠶᠡᠷᠦᠩᠬᠡᠶᠢᠯᠡᠨ ᠵᠠᠰᠠᠬᠤ ᠣᠳᠣᠬᠢ ᠱᠠᠲᠤᠨ ᠳᠤ ᠣᠯᠤᠭᠰᠠᠨ ᠠᠮᠵᠢᠯᠲᠠ ᠶᠢ ᠭᠦᠢᠴᠡᠳ ᠨᠤᠲᠠᠯᠠᠵᠤ ᠢᠳᠡᠪᠬᠢᠲᠡᠢ ᠦᠨᠡᠯᠡᠪᠡ᠃ ᠢᠦᠶ ᠴᠠᠩ ᠬᠤᠩ ᠵᠢᠭᠠᠵᠤ ᠭᠠᠷᠭᠠᠭᠰᠠᠨ ᠨᠢ᠂  ᠤᠶᠢᠷ᠎ᠠ ᠶᠢᠨ ᠵᠢᠯ ᠤᠨ ᠵᠠᠰᠠᠯᠲᠠ ᠪᠠᠷ ᠳᠠᠮᠵᠢᠨ᠂ ᠳᠠᠭ᠎ᠠ ᠶᠢᠨ ᠨᠠᠭᠤᠷ ᠤᠨ ᠲᠠᠯᠠᠪᠠᠢ ᠪᠠᠭᠠᠰᠬᠤ ᠨᠢ ᠤᠳᠠᠭᠠᠰᠢᠷᠠᠬᠤ ᠬᠠᠨᠳᠤᠰᠢ ᠲᠠᠢ ᠪᠣᠯᠵᠤ᠂ ᠤᠰᠤᠨ ᠤ ᠴᠢᠨᠠᠷ ᠤᠨ ᠳᠣᠷᠣᠭᠰᠢᠯᠠᠬᠤ ᠬᠠᠨᠳᠤᠰᠢ ᠶᠢ ᠬᠢᠵᠠᠭᠠᠷᠯᠠᠵᠤ᠂ ᠰᠠᠪᠠ ᠭᠠᠵᠠᠷ ᠤᠨ ᠠᠮᠢ ᠠᠬᠤᠶ ᠶᠢᠨ ᠣᠷᠴᠢᠨ ᠨᠥᠬᠦᠴᠡᠯ ᠠᠯᠬᠤᠮ ᠠᠯᠬᠤᠮ ᠢᠶᠠᠷ ᠰᠠᠶᠢᠵᠢᠷᠠᠪᠠ᠃ ᠲᠡᠭᠡᠬᠦ ᠮᠥᠷᠲᠡᠭᠡᠨ  ᠂ ᠰᠢᠨᠬᠤᠸᠠ ᠬᠤᠷᠢᠶᠠᠨ ᠤ ᠥᠪᠥᠷ ᠮᠣᠩᠭᠤᠯ ᠤᠨ ᠬᠤᠪᠢᠶᠠᠷᠢ ᠬᠤᠷᠢᠶ᠎ᠠ ᠤᠤᠯ ᠤᠨ ᠢᠶᠠᠨ ᠠᠳᠠᠯᠢ ᠪᠠᠷ ᠤᠯᠠᠭᠠᠨᠴᠠᠪ ᠬᠤᠲᠠ ᠪᠣᠯᠤᠨ ᠯᠢᠶᠠᠩᠴᠧᠩ ᠰᠢᠶᠠᠨ ᠢ ᠠᠩᠬᠠᠷᠤᠨ ᠤᠬᠠᠭᠤᠯᠵᠤ᠂ ᠰᠢᠨᠬᠤᠸᠠ ᠬᠤᠷᠢᠶᠠᠨ ᠤ ᠤᠯᠤᠰ ᠤᠨ ᠴᠢᠮᠡᠭᠡᠯᠡᠯ ᠤᠨ ᠬᠤᠷᠢᠶᠠᠨ ᠤ ᠨᠥᠯᠥᠭᠡᠯᠡᠬᠦ ᠬᠦᠴᠦᠨ ᠢ ᠪᠠᠳᠠᠷᠠᠭᠤᠯᠤᠨ᠎ᠠ᠃ ᠯᠢᠶᠠᠩᠴᠧᠩ ᠰᠢᠶᠠᠨ ᠤ ᠡᠯ᠎ᠡ  ᠵᠤᠶᠢᠯ ᠤᠨ ᠠᠵᠢᠯ  ᠤᠶᠢᠯᠡᠰ ᠤᠨ ᠲᠡᠷᠢᠭᠦᠨ ᠤ ᠲᠤᠷᠰᠢᠯᠭ᠎ᠠ ᠪᠠ ᠠᠷᠭ᠎ᠠ ᠬᠢᠳᠡᠯ ᠢ  ᠭᠦᠢᠴᠡᠳ ᠤᠬᠠᠭᠤᠯᠤᠨ ᠳᠡᠯᠭᠡᠷᠡᠭᠦᠯᠵᠦ᠂ ᠯᠢᠶᠠᠩᠴᠧᠩ ᠰᠢᠶᠠᠨ ᠤ ᠠᠵᠤ ᠠᠬᠤᠶ ᠨᠡᠶᠢᠭᠡᠮ ᠤᠨ ᠴᠢᠨᠠᠷ ᠰᠠᠶᠢᠲᠠᠶ ᠬᠥᠭᠵᠢᠯᠲᠡ  ᠳᠤ ᠶᠠᠷᠢᠶ᠎ᠠ ᠬᠡᠯᠡᠯᠴᠡᠭᠡᠨ ᠤ ᠰᠠᠶᠢᠨ ᠰᠠᠶᠢᠬᠠᠨ ᠣᠷᠴᠢᠨ ᠨᠥᠬᠦᠴᠡᠯ ᠢ ᠪᠤᠢ ᠪᠣᠯᠭᠠᠵᠤ ᠥᠭᠬᠦ ᠬᠡᠷᠡᠭᠲᠡᠶ ᠭᠡᠪᠡ᠃                           ᠰᠤᠷᠪᠤᠯᠵᠢᠯᠠᠭᠴᠢ  ᠄  ᠴᠧᠨ ᠢᠦᠶ                           ᠨᠠᠶᠢᠷᠠᠭᠤᠯᠤᠭᠴᠢ᠄ ᠭᠦᠸᠧ ᠬᠤᠩ ᠰᠢᠶᠠ    ᠡᠤ ᠬᠤᠩ ᠰᠢᠶᠠ                           ᠤᠷᠴᠢᠭᠤᠯᠤᠭᠴᠢ᠄ ᠼᠦᠢ ᠴᠢᠩ
 
ᠢᠷᠡᠯᠲᠡ᠄ ᠠᠮᠢᠵᠢᠷᠠᠯ  ᠪᠢᠯᠬᠠᠭᠰᠠᠨ ᠯᠢᠶᠠᠩᠴᠧᠩ  ᠤᠨ ᠬᠢᠳᠡᠳ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19002733号-2