ᠰᠢᠶᠠᠨ ᠤ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠰᠢᠨ᠎ᠡ ᠪᠠᠷ ᠡᠷᠬᠢᠯᠡᠭᠰᠡᠨ ᠠᠵᠤ ᠠᠬᠤᠶᠢᠯᠠᠯ ᠳᠤ  ᠤᠶᠢᠯᠡᠴᠢᠯᠡᠬᠦ ᠬᠦᠴᠦᠨ ᠨᠡᠮᠡᠷᠢᠯᠡᠪᠡ
ᠨᠡᠶᠢᠲᠡᠯᠡᠭᠰᠡᠨ ᠴᠠᠭ᠄
2020-07-22
    7 ᠰᠠᠷ᠎ᠠ ᠶᠢᠨ 15 ᠤ ᠡᠳᠦᠷ᠂ ᠥᠪᠥᠷ ᠮᠣᠩᠭᠤᠯ ᠤᠨ ᠱᠧᠨ ᠨᠢᠦ ᠶᠦᠨ ᠬᠠᠶ ᠰᠦ ᠶᠢᠨ  ᠤᠶᠢᠯᠡᠰ ᠤᠨ ᠬᠢᠵᠠᠭᠠᠷᠲᠤ ᠺᠣᠮᠫᠠᠨᠢ ᠶᠢᠨ ᠶᠡᠷᠦᠩᠬᠡᠶ  ᠲᠠᠭᠠᠭᠠᠮᠠᠯ ᠪᠠᠶ ᠶᠦᠩ ᠵᠧᠨ ᠨᠡᠷ ᠰᠢᠶᠠᠨ ᠤ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠳᠤ  ᠬᠦᠷᠴᠦ᠂ ︽ ᠤᠶᠢᠯᠡᠴᠢᠯᠡᠭᠡ ᠨᠢ ᠡᠮᠦᠨ᠎ᠡ  ᠪᠠᠨ ᠠᠵᠤ ᠠᠬᠤᠶᠢᠯᠠᠯ ᠳᠤ ᠬᠦᠴᠦᠨ ᠨᠡᠮᠡᠷᠢᠯᠡᠵᠦ᠂ ᠬᠢᠨᠠᠯᠲᠠ ᠬᠠᠮᠢᠶᠠᠷᠤᠯᠲᠠ ᠨᠢ ᠠᠶᠤᠯ ᠲᠦᠭᠰᠢᠭᠦᠷᠢ ᠶᠢ ᠢᠮᠠᠭᠲᠠ ᠠᠷᠢᠯᠭᠠᠳᠠᠭ︾ ᠦᠰᠦᠭ  ᠲᠠᠢ ᠬᠡᠮᠡᠷᠯᠢᠭ  ᠲᠤᠭ ᠬᠦᠷᠭᠡᠵᠦ᠂ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠶᠢᠨ ᠺᠣᠮᠫᠠᠨᠢ ᠶᠢᠨ ᠨᠢᠭᠡᠳᠦᠭᠡᠷ  ᠬᠤᠭᠤᠴᠠᠭᠠᠨ ᠤ ᠢᠨᠵᠧᠨᠧᠷᠢᠩ ᠳᠠᠬᠢ ᠬᠦᠴᠦᠲᠡᠶ ᠳᠡᠮᠵᠢᠯᠭᠡ ᠪᠠ ᠬᠠᠪᠰᠤᠷᠤᠨ ᠲᠡᠳᠬᠦᠭᠰᠡᠨ ᠳᠤ ᠲᠠᠯᠠᠷᠬᠠᠵᠤ ᠪᠠᠶᠢᠬᠤ ᠪᠠᠨ ᠢᠯᠡᠳᠬᠡᠪᠡ᠃
          ᠥᠪᠥᠷ ᠮᠣᠩᠭᠤᠯ ᠤᠨ ᠱᠧᠨ ᠨᠢᠦ  ᠶᠦᠨ ᠬᠠᠶ  ᠰᠦ ᠶᠢᠨ  ᠤᠶᠢᠯᠡᠰ ᠤᠨ ᠬᠢᠵᠠᠭᠠᠷᠲᠤ ᠺᠣᠮᠫᠠᠨᠢ ᠪᠣᠯ ᠲᠡᠵᠢᠭᠡᠨ  ᠦᠷᠡᠵᠢᠭᠦᠯᠬᠦ᠂ ᠲᠦᠭᠦᠬᠡᠶ  ᠰᠦ ᠤᠶᠢᠯᠡᠳᠪᠤᠷᠢᠯᠡᠬᠦ᠂ ᠴᠠᠭᠠᠨ ᠢᠳᠡᠭᠡ ᠡᠳ᠋ᠰᠢᠭᠦᠯᠬᠦ᠂ ᠰᠢᠨᠵᠢᠯᠡᠬᠦ ᠤᠬᠠᠭᠠᠨ ᠤ ᠰᠤᠳᠤᠯᠭᠠᠨ ᠬᠢᠬᠦ᠂ ᠮᠡᠷᠭᠡᠵᠢᠯ ᠳᠡᠯᠭᠡᠷᠡᠭᠦᠯᠬᠦ ᠪᠠ ᠴᠢᠳᠠᠪᠤᠷᠢᠲᠠᠨ ᠬᠥᠮᠦᠵᠢᠭᠦᠯᠬᠦ ᠣᠳᠣᠬᠢᠴᠢᠯᠠᠭᠰᠠᠨ ᠪᠣᠳᠠᠲᠤ ᠴᠣᠭᠴᠠ ᠶᠢᠨ ᠠᠵᠤ ᠠᠬᠤᠶᠢᠯᠠᠯ ᠪᠣᠯᠤᠨ᠎ᠠ᠃ ︽ᠠᠰᠢᠭ ᠣᠯᠤᠭᠰᠠᠨ︾ ᠲᠠᠸᠠᠷ ᠤᠨ ᠲᠡᠮᠳᠡᠭ ᠵᠢᠴᠢ ︽ᠠᠰᠢᠭ ᠣᠯᠤᠭᠰᠠᠨ︾ ᠰᠢᠷᠢᠰ ᠴᠠᠭᠠᠨ ᠢᠳᠡᠭᠡ ᠺᠣᠮᠫᠠᠨᠢ ︽ᠶᠠᠰᠤ ᠴᠢᠨᠠᠷ  ᠢ ᠳᠡᠭᠡᠳᠦᠯᠡᠵᠦ᠂ ᠦᠨᠡᠨᠴᠢ ᠢᠲᠡᠭᠡᠮᠵᠢᠲᠡᠶ ᠥᠨᠢ ᠡᠭᠦᠷᠢᠳᠡ᠂ ᠵᠢᠭᠠᠨ ᠰᠤᠷᠭᠠᠯᠲᠠ ᠳᠤ ᠦᠢᠯᠡᠴᠢᠯᠡᠵᠦ᠂ ᠰᠢᠨᠵᠢᠯᠡᠬᠦ ᠤᠬᠠᠭᠠᠨ ᠮᠡᠷᠭᠡᠵᠢᠯ ᠤᠨ ᠰᠢᠨ᠎ᠡ ᠡᠭᠦᠳᠦᠯᠲᠡ︾ ᠶᠢᠨ ᠡᠵᠡᠩᠨᠡᠯᠲᠡ ᠶᠢᠨ ᠵᠣᠷᠢᠯᠲᠠ ᠨᠢ ᠵᠠᠬ᠎ᠠ  ᠲᠡᠯᠭᠡᠭᠦᠷ ᠲᠤ ᠣᠷᠣᠬᠤ ᠳᠤ ᠰᠠᠶᠢᠨ ᠰᠠᠶᠢᠬᠠᠨ ᠬᠥᠭᠵᠢᠯᠲᠡ ᠶᠢᠨ ᠰᠠᠭᠤᠷᠢ ᠶᠢ ᠲᠠᠯᠪᠢᠵᠤ ᠥᠭᠪᠡ᠃ 2019 ᠣᠨ ᠳᠤ ᠮᠠᠨ ᠤ ᠰᠢᠶᠠᠨ ᠤ ᠳᠠᠭ᠎ᠠ ᠶᠢᠨ ᠨᠠᠭᠤᠷ ᠪᠠᠯᠭᠠᠰᠤᠨ ᠤ ᠣᠨᠳᠣᠣ ᠭᠠᠵᠠᠷ ᠨᠡᠭᠦᠯᠭᠡᠨ ᠶᠠᠳᠠᠭᠤ ᠶᠢ  ᠲᠡᠳᠭᠦᠬᠦ ᠠᠷᠠᠳ ᠢ ᠨᠡᠭᠦᠯᠭᠡᠬᠦ ᠰᠢᠨ᠎ᠡ ᠲᠣᠰᠬᠤᠨ ᠳᠤ ᠵᠢᠩᠬᠢᠨᠢ ᠪᠠᠷ ᠨᠤᠲᠤᠭᠰᠢᠵᠤ᠂ ᠲᠣᠰ ᠺᠣᠮᠫᠠᠨᠢ ᠶᠢᠨ ᠶᠡᠷᠦᠩᠬᠡᠶ ᠪᠡᠯᠡ ᠣᠷᠣᠭᠤᠯᠤᠯᠲᠠ ᠨᠢ 7000 ᠲᠦᠮᠡᠨ ᠲᠥᠭᠦᠷᠢᠭ  ᠂ ᠨᠢᠭᠡᠳᠦᠭᠡᠷ ᠬᠤᠭᠤᠴᠠᠭᠠᠨ ᠤ ᠢᠨᠵᠧᠨᠧᠷᠢᠩ ᠳᠠᠭᠤᠰᠤᠭᠰᠠᠨ ᠤ ᠳᠠᠷᠠᠭ᠎ᠠ᠂ 50 ᠭᠠᠷᠤᠢ ᠶᠠᠳᠠᠭᠤ ᠬᠦᠴᠢᠷᠳᠡᠯᠲᠡᠢ  ᠡᠷᠦᠬᠡ ᠳᠤ ᠠᠵᠢᠯ ᠣᠯᠭᠤᠬᠤ ᠠᠰᠠᠭᠤᠳᠠᠯ ᠢ ᠰᠢᠢᠳᠪᠦᠷᠢᠯᠡᠵᠦ᠂ ᠳᠠᠭ᠎ᠠ ᠶᠢᠨ ᠨᠠᠭᠤᠷ ᠪᠠᠯᠭᠠᠰᠤᠨ ᠤ ᠶᠠᠳᠠᠭᠤ ᠬᠦᠴᠢᠷᠳᠡᠯᠲᠡᠢ ᠬᠥᠮᠦᠨ ᠠᠮᠠ ᠶᠢᠨ ᠠᠵᠢᠯ ᠣᠯᠭᠤᠯᠲᠠ ᠶᠢ ᠠᠬᠢᠭᠤᠯᠬᠤ᠂ ᠶᠠᠳᠠᠭᠤ ᠠᠴᠠ ᠠᠩᠭᠢᠵᠢᠷᠠᠭᠤᠯᠬᠤ ᠪᠣᠭᠤᠮᠲᠠ ᠰᠢᠪᠲᠤᠯᠬᠤ ᠳᠠᠶᠢᠯᠠᠯᠳᠤᠭᠠᠨ ᠤ ᠢᠯᠠᠯᠲᠠ ᠶᠢ ᠤᠯᠬᠤ ᠳᠤ ᠬᠦᠴᠦᠲᠡᠢ ᠬᠦᠴᠦᠨ ᠨᠡᠮᠡᠷᠢᠯᠡᠪᠡ᠃
        ᠲᠤᠰ ᠺᠣᠮᠫᠠᠨᠢ ᠶᠢᠨ ᠨᠢᠭᠡᠳᠦᠭᠡᠷ ᠬᠤᠭᠤᠴᠠᠭᠠᠨ ᠤ ᠪᠠᠷᠢᠯᠭ᠎ᠠ ᠶᠢᠨ ᠤᠷᠤᠭᠰᠢᠲᠠᠶ ᠶᠠᠪᠤᠭᠳᠠᠬᠤ ᠶᠢ ᠪᠠᠳᠤᠯᠠᠬᠤ ᠶᠢᠨ ᠲᠥᠯᠥᠭᠡ ᠠᠵᠤ ᠠᠬᠤᠶᠢᠯᠠᠯ ᠡᠷᠲᠡᠬᠡᠨ ᠠᠰᠢᠭᠯᠠᠯᠲᠠ ᠳᠤ ᠣᠷᠣᠵᠤ ᠠᠵᠢᠯᠯᠠᠵᠠᠶ᠃ ᠦᠢᠯᠡᠳᠪᠦᠷᠢ ᠪᠠᠶᠢᠭᠤᠯᠤᠭᠳᠠᠭᠰᠠᠨ ᠡᠬᠢᠨ ᠤ ᠬᠤᠭᠤᠴᠠᠭᠠᠨ ᠳᠤ᠂ ᠰᠢᠶᠠᠨ ᠤ ᠵᠠᠬ᠎ᠠ ᠳᠡᠯᠭᠡᠭᠦᠷ ᠤᠨ ᠬᠢᠨᠠᠯᠲᠠ  ᠬᠠᠮᠢᠶᠠᠷᠤᠯᠳᠡ ᠶᠢᠨ  ᠲᠤᠪᠴᠢᠶ᠎ᠠ ᠰᠠᠨᠠᠭᠠᠴᠢᠯᠠᠭ᠎ᠠ ᠠᠴᠠ ᠪᠠᠨ ᠠᠵᠤ ᠠᠬᠤᠶᠢᠯᠠᠯ ᠲᠠᠢ ᠵᠣᠯᠭᠠᠭᠤᠯᠵᠤ᠂ ᠪᠦᠬᠦ ᠶᠠᠪᠤᠴᠠ ᠪᠠᠷ ᠵᠢᠭᠠᠨ ᠵᠢᠯᠣᠭᠤᠳᠴᠤ ᠬᠠᠪᠰᠤᠷᠤᠨ ᠲᠡᠳᠬᠦᠪᠡ᠃ ᠲᠤᠰᠬᠠᠶ ᠬᠥᠮᠦᠨ ᠢᠶᠠᠷ ᠬᠠᠷᠢᠭᠤᠴᠠᠭᠤᠯᠵᠤ᠂ ᠠᠵᠤ ᠠᠬᠤᠶᠢᠯᠠᠯ ᠤᠨ ᠪᠣᠳᠠᠲᠤ ᠪᠠᠶᠢᠳᠠᠯ ᠢ ᠨᠠᠷᠢᠨ ᠣᠶᠢᠯᠠᠭᠠᠵᠤ᠂ ᠠᠵᠤ ᠠᠬᠤᠶᠢᠯᠠᠯ ᠤᠨ ᠪᠦᠲᠦᠭᠡᠨ ᠪᠠᠶᠢᠭᠤᠯᠤᠯᠲᠠ ᠳᠤ ᠲᠤᠯᠭᠠᠷᠠᠵᠤ ᠪᠠᠶᠢᠭ᠎ᠠ ᠬᠦᠴᠢᠷᠳᠡᠯ ᠪᠣᠯᠤᠨ ᠠᠰᠠᠭᠤᠳᠠᠯ ᠢ ᠴᠤᠭᠯᠠᠭᠤᠯᠵᠤ᠂ ᠬᠤᠷᠢᠶᠠᠩᠭᠤᠶᠢᠯᠠᠵᠤ᠂ ᠡᠮᠬᠢᠳᠬᠡᠵᠦ᠂ ᠰᠢᠢᠳᠪᠤᠷᠢᠯᠡᠬᠦ ᠲᠥᠰᠦᠯ  ᠲᠤᠷᠠᠳᠴᠦ᠂ᠡᠪᠡᠳᠴᠢᠨ ᠳᠤᠨᠢ ᠲᠠᠭᠠᠷᠠᠭᠤᠯᠤᠨ ᠡᠮ ᠥᠭᠴᠦ᠂ ᠠᠵᠤ ᠠᠬᠤᠶᠢᠯᠠᠯ ᠤᠨ ᠦᠢᠯᠡᠳᠪᠦᠷᠢᠯᠡᠯ ᠤᠨ ᠱᠠᠭᠠᠷᠳᠠᠯᠭ᠎ᠠ ᠶᠢ  ᠲᠦᠷᠭᠡᠨ ᠪᠡᠶᠡᠯᠡᠭᠦᠯᠪᠡ᠃                                                                                      ᠴᠢᠮᠡᠭᠡᠯᠡᠭᠴᠢ᠄ ᠸᠠᠩ ᡁᠢ ᠭᠦᠸᠧ                                      ᠨᠠᠶᠢᠷᠠᠭᠤᠯᠤᠭᠴᠢ᠄ ᠭᠦᠸᠧ ᠬᠤᠩ ᠰᠢᠶᠠ    ᠡᠤ ᠬᠤᠩ ᠰᠢᠶᠠ                                      ᠤᠷᠴᠢᠭᠤᠯᠤᠭᠴᠢ᠄ ᠼᠦᠢ ᠴᠢᠩ
 
ᠢᠷᠡᠯᠲᠡ᠄ ᠠᠮᠢᠵᠢᠷᠠᠯ  ᠪᠢᠯᠬᠠᠭᠰᠠᠨ ᠯᠢᠶᠠᠩᠴᠧᠩ  ᠤᠨ ᠬᠢᠳᠡᠳ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19002733号-2