ᠠᠷᠠᠳ ᠤᠨ ᠡᠮᠴᠢ ᠸᠧᠨ ᠱᠣ᠋ ᠬᠤᠸᠠ ᠶᠢ ᠰᠤᠷᠪᠤᠯᠵᠢᠯᠠᠭᠰᠠᠨ ᠨᠢ
ᠨᠡᠶᠢᠲᠡᠯᠡᠭᠰᠡᠨ ᠴᠠᠭ᠄
2020/8/20
   
        ᠡᠷᠲᠡᠨ ᠤ ᠦᠭᠡᠨ ᠳᠤ᠄ ᠦᠨᠡᠨᠴᠢ ᠰᠢᠳᠤᠷᠭᠤ ᠭᠡᠷ ᠬᠤᠯᠠ ᠤᠯᠠᠮᠵᠢᠯᠠᠭᠳᠠᠵᠤ᠂ ᠭᠡᠷ ᠬᠤᠲᠠᠯᠠᠭᠠᠷ ᠢᠶᠠᠨ ᠡᠶ᠎ᠡ ᠡᠪ ᠲᠠᠢ ᠪᠣᠯ ᠲᠦᠮᠡᠨ ᠬᠡᠷᠡᠭ ᠬᠥᠭᠵᠢᠨ᠎ᠡ᠃ ᠭᠡᠷ ᠪᠦᠯᠢ ᠪᠣᠯ ᠨᠡᠶᠢᠭᠡᠮ ᠤᠨ ᠪᠦᠲᠦᠭᠡᠨ ᠪᠠᠶᠢᠭᠤᠯᠤᠯᠲᠠ ᠶᠢᠨ ᠨᠢᠭᠡᠨ ᠴᠢᠬᠤᠯᠠ ᠰᠠᠭᠤᠷᠢ ᠵᠣᠬᠢᠶᠠᠨ  ᠪᠠᠶᠢᠭᠤᠯᠤᠯᠳᠡ ᠪᠣᠯᠬᠤ ᠪᠥᠭᠡᠳ ᠦᠭᠡ ᠶᠠᠷᠢᠶ᠎ᠠ ᠦᠢᠯᠡ ᠠᠵᠢᠯᠯᠠᠭ᠎ᠠ ᠪᠠᠷ ᠢᠶᠠᠨ ᠡᠶ᠎ᠡ ᠵᠣᠬᠢᠴᠠᠯ ᠲᠠᠢ ᠨᠡᠶᠢᠭᠡᠮ ᠤᠨ  ᠪᠠᠶᠢᠭᠤᠯᠤᠯᠳᠡ ᠶᠢ ᠦᠯᠦ ᠮᠡᠳᠡᠭᠳᠡᠮ᠎ᠡ ᠪᠠᠷ ᠨᠥᠯᠥᠭᠡᠯᠡᠵᠦ ᠪᠠᠶᠢᠳᠠᠭ᠃ ᠵᠣᠯ ᠵᠢᠷᠭᠠᠯ ᠲᠠᠢ ᠭᠡᠷ ᠪᠦᠯᠢ ᠨᠢ ᠪᠦᠷ ᠠᠳᠠᠯᠢᠪᠲᠤᠷ᠂ ᠵᠣᠯ ᠪᠤᠰᠤ ᠭᠡᠷ ᠪᠦᠯᠢ ᠨᠢ ᠥᠪᠡᠷ ᠥᠪᠡᠷ ᠤᠨ ᠠᠵᠠ ᠪᠤᠰᠤ ᠲᠠᠢ᠃ ᠲᠣᠯᠰᠲ᠋ᠣᠶ ᠶᠢᠨ ᠠᠯᠳᠠᠷᠲᠤ ᠦᠭᠡ ᠶᠢ ᠳᠠᠭᠠᠯᠳᠤᠨ᠂ ᠪᠢᠳᠡ  ᠸᠧᠨ ᠱᠣ᠋ ᠬᠤᠸᠠ ᠵᠣᠯ ᠵᠢᠷᠭᠠᠯ ᠲᠠᠢ ᠨᠢᠭᠡ ᠭᠡᠷ ᠲᠤ  ᠤᠷᠤᠪᠠ᠃     ᠸᠧᠨ ᠱᠣ᠋ ᠬᠤᠸᠠ᠂ 1999 ᠣᠨ ᠳᠤ ᠠᠵᠢᠯ ᠳᠤ ᠣᠷᠣᠯᠴᠠᠭᠰᠠᠨ ᠠᠴᠠ ᠨᠠᠰᠢ᠂ ᠰᠢᠶᠠᠨ ᠤ ᠡᠮᠨᠡᠯᠭᠡ ᠶᠢᠨ ᠬᠤᠷᠢᠶᠠᠨ ᠳᠤ ᠠᠵᠢᠯᠯᠠᠭᠰᠠᠭᠠᠷ ᠢᠷᠡᠵᠠᠢ᠂ 20 ᠭᠠᠷᠤᠢ ᠵᠢᠯ ᠤᠨ ᠲᠤᠷᠰᠢᠬᠢ ᠠᠵᠢᠯ ᠤᠨ ᠪᠠᠶᠢᠷᠢ ᠪᠠᠨ ᠬᠠᠶᠢᠷᠠᠯᠠᠨ ᠦᠢᠯᠡᠰ ᠢᠶᠠᠨ ᠳᠡᠭᠡᠳᠦᠯᠡᠵᠦ᠂ ᠡᠭᠦᠷᠭᠡ  ᠲᠤᠰᠢᠶᠠᠯ ᠳᠠᠭᠠᠨ ᠦᠨᠡᠨᠴᠢ ᠰᠢᠳᠤᠷᠭᠤ᠂ ᠠᠵᠢᠯᠴᠢ ᠬᠢᠴᠢᠶᠡᠩᠭᠦᠢ᠂ ᠵᠣᠪᠠᠭᠤᠷᠢ ᠵᠦᠳᠡᠭᠦᠷᠢ ᠶᠢ ᠬᠦᠯᠢᠴᠡᠨ ᠲᠡᠰᠪᠦᠷᠢᠯᠡᠬᠦ ᠶᠠᠪᠤᠳᠠᠯ ᠬᠤᠪᠢᠷᠠᠰᠢ ᠦᠭᠡᠢ ᠶᠤᠮ᠃ ᠭᠡᠷᠭᠡᠶ ᠵᠠᠩ ᠵᠢᠶᠠᠨ ᠲᠢᠩ ᠰᠣᠶᠣᠯ ᠤᠨ ᠰᠠᠯᠠᠭ᠎ᠠ ᠮᠥᠴᠢᠷ ᠲᠤ ᠠᠵᠢᠯᠯᠠᠵᠤ᠂ ᠡᠮᠨᠡᠯᠭᠡ ᠶᠢᠨ ᠠᠵᠢᠯ ᠤᠨ ᠴᠠᠭ ᠢᠮᠠᠭᠲᠠ ᠵᠠᠷᠯᠢᠭ ᠬᠦᠯᠢᠶᠡᠵᠦ ᠤᠯᠠᠨ ᠤ ᠥᠪᠡᠷᠮᠢᠴᠡ ᠴᠢᠨᠠᠷ ᠲᠤ ᠵᠣᠷᠢᠭᠤᠯᠤᠭᠳᠠᠳᠠᠭ ᠪᠣᠯᠬᠤᠷ ᠡᠬᠡᠨᠡᠷ ᠨᠢ ᠪᠠᠭ᠎ᠠ ᠬᠡᠷ ᠢᠶᠠᠨ ᠬᠠᠷᠠᠭᠠᠯᠵᠠᠬᠤ ᠬᠠᠷᠢᠭᠤᠴᠠᠯᠭ᠎ᠠ ᠶᠢ ᠨᠡᠩ ᠢᠯᠡᠭᠦᠦ ᠡᠭᠦᠷᠭᠡᠯᠡᠳᠡᠭ᠃ ᠡᠷ᠎ᠡ ᠡᠮ᠎ᠡ ᠬᠤᠶᠠᠭᠤᠯᠠ ᠠᠵᠢᠯ ᠠᠮᠢᠳᠤᠷᠠᠯ ᠳᠤᠮᠳᠠ ᠪᠠᠨ ᠬᠠᠷᠢᠯᠴᠠᠨ ᠬᠠᠪᠰᠤᠷᠤᠯᠴᠠᠨ ᠳᠡᠮᠵᠢᠵᠦ᠂ ᠵᠢᠷᠭᠠᠯ  ᠵᠤᠪᠠᠯᠠᠩ ᠢᠶᠠᠨ ᠬᠠᠮᠲᠤᠳᠬᠠᠵᠤ᠂ ᠵᠣᠪᠠᠯ ᠵᠢᠷᠭᠠᠯ ᠢᠶᠠᠨ ᠬᠠᠮᠲᠤᠳᠬᠠᠭᠰᠠᠨ ᠵᠣᠯ ᠵᠢᠷᠭᠠᠯᠲᠤ ᠬᠡᠷ ᠪᠦᠯᠢ ᠪᠠᠨ  ᠪᠠᠶᠢᠭᠤᠯᠵᠠᠢ᠃     ᠠᠵᠢᠯ ᠤᠨ ᠪᠠᠶᠢᠷᠢ ᠪᠠᠨ ᠬᠠᠶᠢᠷᠠᠯᠠᠵᠤ ᠦᠢᠯᠡᠰ ᠢᠶᠠᠨ ᠳᠡᠭᠡᠳᠦᠯᠡᠵᠦ᠂ ᠬᠠᠷᠠᠮ ᠦᠭᠡᠢ ᠵᠣᠷᠢᠭᠤᠯᠬᠤ ᠬᠡᠷᠡᠭᠲᠡᠢ᠃ ᠬᠠᠮᠢᠶᠠᠷᠤᠯᠲᠠ ᠶᠢᠨ ᠠᠵᠢᠯ ᠬᠢᠬᠦ ᠠᠴᠠ ᠡᠮᠦᠨ᠎ᠡ᠂ ᠸᠧᠨ ᠱᠣ᠋ ᠬᠤᠸᠠ 15 ᠵᠢᠯ ᠤᠨ ᠡᠮᠴᠢᠯᠡᠭᠡᠨ ᠤ ᠰᠤᠪᠢᠯᠠᠯᠲᠠ ᠶᠢᠨ ᠲᠤᠷᠰᠢᠯᠭ᠎ᠠ ᠲᠠᠢ᠃ ᠡᠪᠡᠳᠴᠢᠲᠡᠨ ᠢ ᠬᠠᠯᠠᠮᠵᠢᠯᠠᠨ ᠬᠠᠶᠢᠷᠠᠯᠠᠵᠤ᠂ ᠰᠠᠨᠠᠭᠠᠴᠢᠯᠠᠭ᠎ᠠ ᠠᠴᠠ ᠪᠠᠨ ᠬᠠᠯᠠᠭᠤᠮᠰᠤᠭ ᠬᠠᠨᠳᠤᠵᠤ᠂ ᠡᠷᠡᠭᠦᠯ ᠮᠡᠨᠳᠦ ᠶᠢᠨ ᠵᠢᠯᠣᠭᠤᠳᠤᠯᠭ᠎ᠠ ᠬᠢᠵᠦ᠂ ᠡᠮᠴᠢ ᠨᠡᠷ ᠢ ᠬᠠᠪᠰᠤᠷᠤᠨ ᠡᠮᠴᠢᠯᠡᠵᠦ᠂ ᠠᠨᠠᠭᠠᠬᠤ ᠤᠬᠠᠭᠠᠨ᠂ ᠰᠤᠪᠢᠯᠠᠯᠲᠠ ᠶᠢᠨ ᠮᠡᠳᠡᠯᠭᠡ ᠶᠢᠨ ᠰᠢᠨᠡᠴᠢᠯᠡᠯᠲᠡ ᠵᠢᠨ‌‍ᠰᠤᠷᠤᠯᠴᠠᠯᠭ᠎ᠠ ᠶᠢ ᠴᠢᠩᠭᠠᠳᠬᠠᠵᠤ᠂ ᠡᠳᠡᠭᠡᠷ ᠮᠡᠷᠭᠡᠵᠢᠯ ᠮᠡᠳᠡᠯᠭᠡ ᠨᠢᠭᠡᠨᠲᠡ ᠲᠡᠭᠦᠨ ᠤ ᠴᠢᠰᠤᠨ ᠳᠤ ᠦᠨᠳᠦᠰᠦᠯᠡᠵᠡᠢ᠃ ᠬᠡᠴᠢᠨᠡᠨ ᠤᠳᠠᠭ᠎ᠠ ᠪᠤᠳᠠᠭᠠᠨ ᠠᠶᠠᠭ᠎ᠠ ᠪᠠᠨ ᠬᠠᠶᠠᠵᠤ ᠡᠮᠨᠡᠯᠭᠡ ᠳᠤ ᠬᠦᠷᠴᠦ ᠲᠦᠷᠭᠡᠨ ᠠᠪᠤᠷᠠᠯᠲᠠ ᠶᠢ  ᠵᠢᠯᠤᠭᠤᠳᠴᠦ᠂ ᠬᠡᠴᠢᠨᠡᠭᠡᠨ ᠤᠳᠠᠭ᠎ᠠ ᠳᠤᠯᠠᠭᠠᠨ ᠬᠥᠨᠵᠢᠯᠡ ᠠᠴᠠ  ᠪᠠᠨ ᠭᠦᠶᠦᠵᠦ ᠪᠤᠰᠤᠨ ᠭᠡᠨᠡᠳᠲᠡ ᠡᠭᠦᠰᠦᠭᠰᠡᠨ ᠬᠡᠷᠡᠭ ᠢ  ᠰᠢᠢᠳᠪᠤᠷᠢᠯᠡᠵᠠᠢ᠃  ᠸᠧᠨ ᠱᠣ᠋ ᠬᠤᠸᠠ ᠢᠯᠡᠷᠬᠡᠶᠢᠯᠡᠬᠦ ᠳᠡᠭᠡᠨ᠂ ᠡᠮᠨᠡᠯᠭᠡ ᠶᠢᠨ ᠠᠵᠢᠯᠲᠠᠨ ᠤ ᠠᠵᠢᠯ ᠤᠨ ᠳᠠᠷᠤᠯᠲᠠ ᠨᠢᠭᠡᠨᠲᠡ ᠮᠠᠰᠢ ᠶᠡᠭᠡ ᠪᠣᠯᠵᠠᠶ᠃ ᠡᠮᠴᠢ ᠶᠢᠨ ︽ ᠤᠶᠢᠯᠡᠴᠢᠯᠡᠭᠴᠢ︾ ᠪᠣᠯᠤᠭᠰᠠᠨ ᠤ ᠬᠤᠪᠢ ᠳᠤ᠂ ᠡᠮᠴᠢ ᠵᠥᠪᠬᠡᠨ ᠡᠪᠡᠳᠴᠢᠨ ᠢ ᠨᠢ ᠵᠠᠰᠠᠵᠤ  ᠡᠳᠡᠭᠡᠷᠡᠨ ᠠᠪᠬᠤ ᠭᠡᠵᠦ ᠪᠣᠳᠣᠵᠤ  ᠪᠠᠶᠢᠬᠤ ᠦᠶ᠎ᠡ ᠳᠤ᠂ ᠲᠡᠷᠡ ᠠᠷᠤ ᠲᠠᠯ᠎ᠠ ᠳᠤ ᠪᠠᠲᠤᠯᠠᠭ᠎ᠠ ᠶᠢᠨ ᠠᠵᠢᠯ ᠢ ᠰᠠᠶᠢᠲᠤᠷ ᠬᠢᠵᠦ  ᠪᠠᠶᠢᠨ᠎ᠠ᠃ 2016 ᠣᠨ ᠳᠤ ᠬᠠᠮᠢᠶᠠᠷᠤᠯᠲᠠ ᠶᠢᠨ ᠠᠵᠢᠯ ᠤᠨ ᠪᠠᠶᠢᠷᠢ ᠰᠣᠯᠢᠭᠰᠠᠨ ᠠᠴᠠ ᠨᠠᠰᠢ᠂ ᠲᠡᠷᠡ ᠨᠠᠮ ᠤᠨ ᠡᠭᠦᠷ ᠤᠨ  ᠪᠠᠶᠢᠭᠤᠯᠤᠯᠳᠡ ᠶᠢ ᠮᠠᠰᠢ ᠴᠢᠬᠤᠯᠠᠴᠢᠯᠠᠨ ᠦᠵᠡᠵᠦ᠂ ᠡᠯ᠎ᠡ  ᠵᠤᠶᠢᠯ ᠤᠨ ᠨᠠᠮ ᠤᠨ ᠭᠡᠰᠢᠭᠦᠨ ᠤ ᠠᠵᠢᠯᠯᠠᠭ᠎ᠠ ᠶᠢ ᠪᠠᠶᠢᠩᠭᠤ ᠥᠷᠨᠢᠭᠦᠯᠵᠦ᠂ ᠣᠯᠠᠨ ᠢ ᠬᠥᠲᠥᠯᠥᠨ  ᠵᠢᠯᠤᠭᠤᠳᠴᠦ ᠬᠠᠮᠲᠤ ᠪᠠᠷ ᠤᠷᠤᠭᠰᠢᠯᠠᠭᠤᠯᠵᠠᠶ᠃ ᠰᠠᠷ᠎ᠠ ᠪᠦᠷᠢ ᠶᠢᠨ ᠭᠤᠤᠯ ᠰᠡᠳᠦᠪᠲᠦ ᠨᠠᠮ ᠤᠨ ᠡᠳᠦᠷ ᠤᠨ ᠠᠵᠢᠯᠯᠠᠭ᠎ᠠ᠂ ᠬᠤᠪᠢᠰᠬᠠᠯ ᠤᠨ ᠰᠠᠭᠤᠷᠢᠨ ᠭᠠᠵᠠᠷ᠂  ᠬᠦᠳᠡᠭᠡ ᠪᠠᠭᠤᠵᠤ ᠠᠯᠪᠠᠨ ᠵᠢᠷᠤᠮ ᠤᠨ ᠡᠮᠴᠢᠯᠡᠭᠡ ᠬᠢᠬᠦ ᠵᠡᠷᠭᠡ ᠠᠵᠢᠯᠯᠠᠭ᠎ᠠ᠂ ᠡᠪ ᠬᠠᠮᠲᠤ ᠨᠠᠮ ᠤᠨ ᠭᠡᠰᠢᠭᠦᠨ ᠤ ᠡᠭᠦᠷᠭᠡ ᠬᠠᠷᠢᠭᠤᠴᠠᠯᠭ᠎ᠠ ᠶᠢ  ᠤᠶᠢᠯᠡᠳᠤᠯᠭᠡᠵᠢᠭᠦᠯᠦᠨ᠎ᠡ᠃ ᠰᠢᠨ᠎ᠡ  ᠲᠢᠳᠢᠮᠯᠢᠭ  ᠠᠭᠤᠰᠬᠢᠨ ᠦᠷᠪᠢᠰᠦᠯ ᠤᠨ ᠬᠢᠵᠢᠭ ᠤᠨ ᠪᠠᠶᠢᠳᠠᠯ ᠢ ᠬᠤᠷᠢᠭᠯᠠᠨ ᠴᠣᠬᠢᠬᠤ ᠪᠠᠶᠢᠯᠳᠤᠭᠠᠨ ᠳᠤᠮᠳᠠ᠂ ᠲᠡᠷᠡ ᠪᠡᠶ᠎ᠡ ᠪᠠᠷ ᠢᠶᠠᠨ ᠬᠡᠪ ᠳᠦᠷᠢᠮ ᠪᠣᠯᠵᠤ᠂ ᠬᠠᠯᠳᠠᠪᠤᠷᠢᠯᠠᠯ ᠤᠨ ᠰᠠᠯᠠᠭ᠎ᠠ ᠲᠠᠰᠤᠭ ᠲᠤ ᠰᠠᠨᠠᠭᠠᠴᠢᠯᠠᠭ᠎ᠠ ᠠᠴᠠ ᠪᠠᠨ  ᠤᠷᠤᠭᠰᠠᠨ ᠪᠠᠶᠢᠨ᠎ᠠ᠃ ᠲᠡᠷᠡ᠂ ᠡᠨᠡ ᠪᠣᠯ ᠨᠠᠮ ᠤᠨ ᠭᠡᠰᠢᠭᠦᠨ ᠤ ᠤᠬ ᠰᠠᠨᠠᠭ᠎ᠠ ᠡᠭᠦᠷᠭᠡ ᠬᠠᠷᠢᠭᠤᠴᠠᠯᠭ᠎ᠠ ᠮᠥᠨ᠂ ᠪᠢ ᠪᠣᠯ ᠨᠠᠮ ᠤᠨ ᠭᠡᠰᠢᠭᠦᠨ ᠪᠢ ᠤᠷᠢᠳᠠᠪᠠᠷ ᠣᠷᠣᠨ᠎ᠠ   ᠭᠡᠪᠡ᠃    ᠤᠯᠠᠨ ᠰᠠᠶᠢᠨ ᠠᠴᠢᠯᠠᠯ ᠢ ᠲᠡᠷᠢᠭᠦᠨ ᠳᠤ ᠲᠠᠯᠪᠢᠵᠤ᠂ ᠭᠡᠷ ᠪᠦᠯᠢ ᠶᠢᠨ ᠰᠠᠶᠢᠨ ᠰᠠᠶᠢᠬᠠᠨ ᠵᠠᠩ ᠰᠤᠷᠲᠠᠯ ᠢ ᠪᠠᠳᠠᠷᠠᠭᠤᠯᠤᠨ᠎ᠠ᠃ ᠲᠡᠷᠡ ᠪᠣᠯ ᠨᠢᠭᠡᠨ ᠡᠮᠨᠡᠯᠭᠡ ᠶᠢᠨ ᠠᠵᠢᠯᠲᠠᠨ᠂ ᠥᠬᠢᠨ᠂ ᠬᠦᠤ ᠪᠠᠷᠢ ᠶᠤᠮ᠃ ᠲᠡᠷᠡ ᠥᠪᠡᠷ ᠤᠨ ᠲᠥᠷᠬᠦᠮ ᠳᠡᠭᠡᠨ ᠪᠦᠬᠦ ᠰᠡᠳᠬᠢᠯ ᠪᠦᠬᠦ ᠵᠣᠷᠢᠭ ᠢᠶᠠᠷ ᠢᠶᠠᠨ ᠵᠢᠳᠬᠦᠵᠦ᠂ ᠬᠠᠳᠠᠮ ᠤᠨ ᠳᠠᠭᠠᠨ ᠴᠤ ᠥ ᠰᠠᠪ ᠦᠭᠡᠢ᠃ ᠵᠠᠷᠢᠮ ᠬᠥᠮᠦᠨ᠄ ᠲᠩᠷᠢ ᠶᠢᠨ ᠳᠣᠣᠷᠠᠬᠢ ᠬᠠᠳᠠᠮ ᠡᠵᠢ ᠪᠡᠷᠢ ᠶᠢᠨ ᠬᠠᠷᠢᠴᠠᠭ᠎ᠠ ᠨᠢ ᠬᠠᠷᠢᠯᠴᠠᠬᠤ ᠳᠤ ᠬᠠᠮᠤᠭ ᠬᠦᠴᠢᠷ᠂ ᠡᠪᠯᠡᠷᠡᠰᠢ ᠦᠭᠡᠢ ᠵᠥᠷᠢᠴᠡᠯ ᠲᠠᠢ᠃ ᠸᠧᠨ ᠱᠣ᠋ ᠬᠤᠸᠠ ᠲᠡᠭᠦᠨ ᠤ ᠦᠭᠡ ᠶᠠᠷᠢᠶ᠎ᠠ ᠦᠢᠯᠡ ᠠᠵᠢᠯᠯᠠᠭ᠎ᠠ ᠪᠠᠷ ᠢᠶᠠᠨ ᠡᠨᠡ ᠠᠰᠠᠭᠤᠳᠠᠯ ᠢ ᠮᠠᠰᠢ ᠰᠠᠶᠢᠨ  ᠬᠠᠷᠢᠭᠤᠯᠪᠠ᠃ 2000 ᠣᠨ ᠳᠤ᠂ ᠥᠪᠡᠷ ᠤᠨ ᠭᠡᠷ ᠪᠠᠶᠢᠰᠢᠩ ᠲᠠᠢ ᠪᠣᠯᠤᠭᠰᠠᠨ ᠠᠴᠠ ᠰᠡᠭᠦᠯᠡᠷ᠂ ᠬᠠᠳᠠᠮ ᠡᠵᠢ ᠨᠢ ᠶᠡᠷᠦ ᠨᠢ ᠲᠡᠳᠡᠨ ᠲᠠᠢ ᠬᠠᠮᠲᠤ ᠠᠮᠢᠳᠤᠷᠠᠵᠤ᠂ ᠡᠳᠦᠷ ᠲᠤᠲᠤᠮ ᠤᠨ ᠠᠮᠢᠳᠤᠷᠠᠯ ᠳᠤᠮᠳᠠ ᠬᠠᠳᠠᠮ ᠠᠪᠤ ᠡᠵᠢ ᠪᠠᠨ ᠬᠦᠨᠳᠦᠳᠬᠡᠳᠡᠭ᠃ ᠬᠤᠷᠢᠮᠯᠠᠭᠰᠠᠨ ᠠᠴᠠ ᠤᠳᠤ ᠪᠣᠯᠲᠠᠯ᠎ᠠ ᠬᠠᠳᠠᠮ ᠠᠪᠤ ᠡᠵᠢ ᠲᠠᠢ ᠪᠠᠨ ᠨᠢᠭᠤᠷ ᠤᠯᠠᠶᠢᠵᠤ ᠥᠩᠭᠡᠷᠡᠭᠰᠡᠨ ᠦᠭᠡᠢ᠃ ᠭᠤᠷᠪᠠᠨ ᠵᠢᠯ ᠤᠨ ᠡᠮᠦᠨ᠎ᠡ ᠬᠠᠳᠠᠮ ᠠᠪᠤ ᠨᠢ ᠨᠠᠰᠤ ᠪᠠᠷᠠᠭᠰᠠᠨ ᠠᠴᠠ ᠠᠪᠤᠭᠠᠳ ᠲᠡᠷᠡ ᠠᠯᠢ ᠴᠢᠳᠠᠬᠤ ᠪᠠᠷ ᠡᠮᠡᠭᠡ ᠳᠡᠭᠡᠨ ᠢᠯᠡᠭᠦᠬᠡᠨ ᠬᠠᠨᠢ ᠪᠣᠯᠬᠤ ᠶᠢ ᠪᠣᠳᠣᠯᠬᠢᠯᠠᠭᠠᠳ ᠰᠠᠨᠠᠭᠠᠴᠢᠯᠠᠭ᠎ᠠ ᠠᠴᠠ ᠪᠠᠨ ᠳᠠᠶᠢᠯᠠᠯᠭ᠎ᠠ ᠪᠠ ᠠᠯᠪᠠᠨ ᠠᠵᠢᠯ ᠢᠶᠠᠷ ᠭᠠᠳᠠᠭᠰᠢ ᠭᠠᠷᠬᠤ ᠶᠢ ᠪᠠᠭᠠᠰᠬᠠᠵᠤ᠂ ᠨᠠᠩ ᠠᠷᠪᠢᠨ ᠴᠠᠭ ᠵᠠᠷᠤᠴᠠᠭᠤᠯᠵᠤ ᠨᠠᠰᠤᠲᠠᠨ ᠲᠠᠢ ᠬᠠᠮᠲᠤ ᠵᠣᠭᠤᠭᠳᠠᠬᠤ᠂  ᠲᠤᠭᠤᠷᠢᠬᠤ᠂ ᠭᠡᠷ ᠢᠶᠠᠨ  ᠴᠡᠪᠡᠷᠯᠡᠬᠦ ᠵᠡᠷᠭᠡ᠃ ᠲᠡᠷᠡ ᠬᠡᠯᠡᠭᠰᠡᠨ ᠨᠢ᠂ ᠭᠡᠷ ᠨᠢ ᠨᠢᠭᠡ ᠥᠲᠡᠯᠪᠡᠯ ᠨᠢᠭᠡ ᠡᠷᠳᠡᠨᠢ ᠮᠡᠲᠦ᠂ ᠦᠷ᠎ᠡ ᠪᠠᠨ ᠲᠡᠵᠢᠭᠡᠬᠦ ᠭᠡᠳ ᠳᠣᠲᠣᠨᠣᠰᠤᠭ ᠢᠶᠠᠷ ᠬᠠᠨᠳᠤᠬᠤ ᠦᠭᠡᠢ ᠨᠢ ᠬᠠᠮᠤᠭ ᠤᠨ ᠶᠡᠭᠡ ᠬᠠᠷᠠᠮᠰᠠᠯ᠂ ᠪᠢ  ᠬᠠᠷᠠᠮᠰᠠᠬᠤ ᠰᠠᠨᠠᠭ᠎ᠠ ᠦᠭᠡᠢ᠃ ᠭᠡᠷ ᠤᠨ ᠰᠤᠷᠲᠠᠯ ᠤᠨ ᠭᠡᠷᠢᠶᠡᠰ ᠰᠤᠷᠭᠠᠯ᠂ ᠪᠣᠳᠠᠰ ᠴᠢᠮᠡᠭᠡ ᠦᠭᠡᠢ᠃ ᠣᠯᠠᠨ ᠵᠢᠯ ᠤᠨ ᠲᠤᠷᠰᠢ ᠂  ᠸᠧᠨ ᠱᠦ ᠬᠤᠸᠠ ᠡᠷ᠎ᠡ ᠡᠮ᠎ᠡ ᠬᠤᠶᠠᠭᠤᠯᠠ ᠶᠢᠨ ᠵᠢᠱᠢᠶ᠎ᠡ ᠦᠵᠡᠭᠦᠯᠬᠦ ᠳᠠᠭᠠᠭᠤᠯᠭ᠎ᠠ  ᠲᠤᠤᠷ᠎ᠠ᠂ ᠠᠬ᠎ᠠ ᠳᠡᠭᠦᠤ ᠡᠭᠡᠴᠢ ᠥᠬᠢᠨ ᠳᠡᠭᠦᠤ ᠴᠦ ᠠᠬᠠᠰ ᠵᠠᠬᠠᠰ ᠨᠠᠰᠤᠲᠠᠨ ᠢᠶᠠᠨ ᠠᠴᠢᠯᠠᠵᠤ ᠪᠠᠶᠢᠪᠠ᠃   ᠦᠭᠡ ᠪᠠᠷ ᠰᠤᠷᠭᠠᠵᠤ ᠪᠡᠶ᠎ᠡ ᠪᠠᠷ ᠰᠤᠷᠭᠠᠵᠤ ᠦᠷ᠎ᠡ ᠬᠡᠦᠬᠡᠳ ᠢᠶᠠᠨ ᠬᠥᠮᠦᠵᠢᠭᠦᠯᠬᠦ ᠠᠷᠭ᠎ᠠ ᠳᠡᠮ ᠲᠠᠢ ᠪᠠᠶᠢᠳᠠᠭ᠃ ᠬᠠᠷᠢᠯᠴᠠᠨ ᠬᠦᠨᠳᠦᠳᠬᠡᠵᠦ ᠬᠠᠷᠢᠯᠴᠠᠨ ᠬᠠᠶᠢᠷᠠᠯᠠᠬᠤ ᠪᠣᠯ ᠭᠡᠷ ᠪᠦᠯᠢ ᠶᠢᠨ ᠡᠶ᠎ᠡ ᠨᠠᠶᠢᠷᠲᠠᠢ ᠪᠠᠶᠢᠬᠤ ᠶᠢᠨ ᠰᠠᠭᠤᠷᠢ ᠮᠥᠨ᠂ ᠭᠡᠷ ᠪᠦᠯᠢ ᠶᠢᠨ ᠵᠣᠯ ᠵᠢᠷᠭᠠᠯ ᠤᠨ ᠡᠬᠢ ᠪᠤᠯᠠᠭ ᠮᠥᠨ᠃  ᠸᠧᠨ ᠱᠣ᠋ ᠬᠤᠸᠠ ᠡᠷ᠎ᠡ ᠡᠮ᠎ᠡ ᠬᠤᠶᠠᠭᠤᠯᠠ ᠤᠷᠤᠭᠯᠠᠭᠰᠠᠨ ᠠᠴᠠ ᠨᠠᠰᠢ᠂ ᠬᠦᠴᠢᠷ ᠪᠡᠷᠬᠡᠰᠢᠶᠡᠯ ᠢ ᠬᠠᠮᠲᠤ ᠪᠠᠷ ᠲᠤᠭᠤᠯᠵᠤ᠂ ᠠᠵᠢᠯ ᠠᠮᠢᠳᠤᠷᠠᠯ ᠤᠨ ᠳᠤᠮᠳᠠᠬᠢ ᠵᠦᠢᠯ ᠵᠦᠢᠯ ᠤᠨ ᠬᠦᠴᠢᠷ  ᠪᠡᠷᠬᠡᠰᠢᠶᠡᠯ ᠢ ᠬᠠᠮᠲᠤ ᠪᠠᠷ ᠢᠯᠠᠨ ᠳᠠᠪᠠᠪᠠ︔ ᠭᠡᠷ ᠪᠦᠯᠢ ᠶᠢᠨ ᠢᠬᠢᠷ ᠰᠢᠬᠢᠷ ᠶᠠᠪᠤᠳᠠᠯ ᠢ ᠥᠴᠦᠬᠡᠨ ᠲᠡᠳᠦᠶ ᠴᠦ ᠠᠲᠠᠭᠠᠷᠬᠠᠵᠤ ᠦᠵᠡᠭᠡ ᠦᠭᠡᠢ᠂ ᠠᠮᠢᠳᠤᠷᠠᠯ ᠤᠨ ᠵᠢᠵᠢᠭ ᠰᠠᠵᠢᠭ ᠶᠠᠪᠤᠳᠠᠯ ᠠᠴᠠ ᠪᠣᠯᠵᠤ ᠨᠢᠭᠤᠷ ᠤᠯᠠᠶᠢᠵᠤ᠂ ᠬᠡᠷᠡᠯᠳᠦᠵᠦ ᠥᠩᠭᠡᠷᠡᠭᠰᠡᠨ ᠦᠭᠡᠢ᠂ ᠥᠬᠢᠨ ᠳᠡᠭᠡᠨ ᠦᠯᠢᠭᠡᠷ ᠳᠠᠭᠤᠷᠢᠶᠠᠯ ᠪᠣᠯᠤᠭᠰᠠᠨ  ᠶᠤᠮ᠃     ︽ᠬᠡᠷᠪᠡ ᠬᠠᠶᠢᠷᠠᠲᠤ ᠬᠥᠮᠦᠨ ᠤ ᠬᠠᠨᠢ ᠪᠣᠯᠤᠨ ᠪᠠᠭᠲᠠᠭᠠᠮᠵᠢ ᠦᠭᠡᠢ ᠪᠣᠯ᠂ ᠲᠡᠭᠦᠨ ᠤ ᠭᠡᠷ ᠪᠦᠯᠢ ᠶᠢᠨ ᠴᠢᠷᠮᠠᠶᠢᠯᠭ᠎ᠠ ᠪᠣᠯᠤᠨ ᠬᠠᠷᠠᠭᠠᠯᠵᠠᠯ ᠪᠠᠶᠢᠬᠤ ᠦᠭᠡᠶ᠂ ᠬᠠᠳᠠᠮ ᠡᠵᠢ ᠪᠣᠯᠤᠨ ᠥᠬᠢᠨ  ᠤ ᠬᠠᠶᠢᠷ᠎ᠠ ᠬᠠᠯᠠᠮᠵᠢ ᠪᠠᠶᠢᠬᠤ ᠦᠭᠡᠶ  ᠪᠤᠯ ᠪᠢ ᠠᠵᠢᠯ ᠦᠢᠯᠡᠰ ᠤᠨ ᠲᠠᠯ᠎ᠠ ᠪᠠᠷ ᠡᠷᠡᠯᠬᠡᠭᠯᠡᠨ ᠪᠣᠰᠬᠤ ᠰᠥᠰᠥ ᠵᠣᠷᠢᠭ ᠪᠠ ᠬᠥᠳᠡᠯᠭᠡᠬᠦ ᠬᠦᠴᠦᠨ  ᠪᠠᠶᠢᠬᠤ ᠦᠭᠡᠢ᠃ ᠵᠣᠯ ᠵᠢᠷᠭᠠᠯᠲᠤ ᠭᠡᠷ ᠪᠦᠯᠢ ᠲᠠᠢ ᠪᠣᠯᠤᠭᠰᠠᠨ ᠢ ᠪᠢ ᠢᠲᠡᠭᠡᠵᠦ ᠪᠠᠶᠢᠨ᠎ᠠ᠂ ᠡᠮᠡᠭᠲᠡᠢ ᠬᠥᠮᠦᠨ ᠨᠡᠩ ᠴᠤ ᠨᠡᠶᠢᠭᠡᠮ ᠳᠡᠭᠡᠷ᠎ᠡ ᠥᠪᠡᠷ ᠤᠨ ᠦᠷᠳᠡᠭ ᠢᠶᠠᠨ ᠪᠡᠶᠡᠯᠡᠭᠦᠯᠵᠦ ᠴᠢᠳᠠᠨ᠎ᠠ︾ ᠭᠡᠵᠦ  ᠸᠧᠨ ᠱᠣ᠋ ᠬᠤᠸᠠ ᠬᠡᠯᠡᠨ᠎ᠡ᠃    ᠳᠤᠮᠳᠠᠳᠤ ᠶᠢᠨ ᠦᠨᠳᠦᠰᠦᠲᠡᠨ ᠤ ᠤᠯᠠᠮᠵᠢᠯᠠᠯᠲᠤ ᠰᠠᠶᠢᠬᠠᠨ ᠵᠠᠩ ᠰᠤᠷᠲᠠᠯ ᠨᠢ ᠨᠡᠶᠢᠭᠡᠮ ᠵᠢᠷᠤᠮ ᠤᠨ ᠭᠤᠤᠯᠯᠠᠬᠤ  ᠦᠷᠳᠡᠭ ᠤᠨ ᠦᠵᠡᠯᠲᠡ ᠶᠢᠨ ᠭᠤᠤᠯ ᠴᠢᠮᠥᠭᠡ ᠴᠢᠬᠤᠯᠠ ᠠᠭᠤᠯᠭ᠎ᠠ ᠶᠢ ᠢᠯᠡᠷᠡᠭᠦᠯᠵᠦ ᠪᠠᠶᠢᠳᠠᠭ ᠪᠣᠯᠬᠤᠷ ᠦᠶ᠎ᠡ ᠤᠯᠠᠷᠢᠨ ᠤᠯᠠᠮᠵᠢᠯᠠᠬᠤ ᠴᠢᠬᠤᠯᠠᠲᠠᠶ ᠶᠤᠮ᠃ ᠬᠠᠮᠤᠭ ᠤᠨ ᠭᠤᠶᠣ ᠭᠡᠷ ᠪᠦᠯᠢ ᠪᠣᠯ ᠴᠥᠮ ᠮᠠᠨ ᠤ ᠳᠡᠷᠭᠡᠳᠡ ᠠᠮᠢᠳᠤᠷᠠᠵᠤ ᠪᠠᠶᠢᠭ᠎ᠠ ᠡᠩ ᠤᠨ ᠬᠥᠮᠦᠰ ᠶᠤᠮ᠃ ᠡᠭᠡᠯ ᠵᠢᠷ ᠤᠨ ᠡᠳᠦᠷ ᠲᠤ ᠬᠤᠪᠢ ᠬᠥᠮᠦᠨ ᠤ ᠵᠠᠩ ᠮᠣᠷᠠᠯ ᠢᠶᠠᠨ ᠳᠠᠪᠲᠠᠨ ᠪᠣᠯᠪᠠᠰᠤᠷᠠᠭᠤᠯᠵᠤ᠂ ᠭᠡᠷ ᠪᠦᠯᠢ ᠶᠢᠨ ᠰᠠᠶᠢᠨ ᠰᠠᠶᠢᠬᠠᠨ ᠵᠠᠩ ᠰᠤᠷᠲᠠᠯ ᠢ ᠪᠢᠴᠢᠵᠦ᠂ ᠲᠤᠬᠠᠶᠢᠯᠠᠭᠰᠠᠨ ᠠᠵᠢᠯ ᠤᠨ ᠶᠣᠰᠣ ᠮᠣᠷᠠᠯ ᠢ ᠵᠢᠷᠤᠮᠯᠠᠨ ᠰᠠᠬᠢᠵᠤ᠂ ᠨᠡᠶᠢᠭᠡᠮ ᠨᠡᠶᠢᠲᠡ ᠶᠢᠨ ᠶᠣᠰᠣ ᠮᠣᠷᠠᠯ ᠢ ᠪᠠᠳᠠᠷᠠᠭᠤᠯᠵᠤ᠂ ᠲᠡᠳᠡᠨ ᠤ ᠪᠡᠶ᠎ᠡ ᠳᠡᠭᠡᠷ᠎ᠡ ᠳᠤᠮᠳᠠᠳᠤ ᠶᠢᠨ  ᠦᠨᠳᠦᠰᠦᠳᠡᠨ ᠤ ᠤᠯᠠᠮᠵᠢᠯᠠᠯᠲᠤ ᠰᠠᠶᠢᠬᠠᠨ ᠵᠠᠩ ᠰᠤᠷᠲᠠᠯ ᠪᠠ ᠰᠠᠶᠢᠨ ᠰᠠᠶᠢᠬᠠᠨ ᠭᠡᠷ ᠤᠨ ᠰᠤᠷᠲᠠᠯ ᠢ ᠢᠯᠡᠷᠡᠭᠦᠯᠵᠦ᠂ ᠲᠡᠳᠡ ︽ᠣᠯᠠᠨ ᠲᠦᠮᠡᠨ ᠤ ᠳᠤᠮᠳᠠ ᠠᠴᠠ ᠣᠯᠠᠨ ᠲᠦᠮᠡᠨ ᠤ ᠳᠤᠮᠳᠠ ᠬᠦᠷᠴᠦ︾᠂ ᠦᠯᠢᠭᠡᠷ ᠵᠢᠱᠢᠶ᠎ᠡ ᠦᠵᠡᠭᠦᠯᠦᠨ ᠳᠠᠭᠠᠭᠤᠯᠵᠤ ᠳᠡᠷᠭᠡᠳᠡᠬᠢ ᠭᠡᠷ ᠪᠦᠯᠢ ᠪᠠᠨ ᠳᠠᠭᠠᠭᠤᠯᠤᠨ᠂ ᠶᠣᠰᠣ ᠰᠤᠷᠲᠠᠬᠤᠨ ᠢ ᠡᠷᠬᠢᠮᠯᠡᠨ ᠪᠤᠶᠠᠨ ᠦᠢᠯᠡᠳᠦᠬᠦ ᠶᠢ ᠤᠷᠢᠶᠠᠯᠠᠨ ᠳᠠᠭᠠᠭᠤᠯᠵᠤ᠂ ᠨᠢᠭᠡᠨ  ᠦᠶ᠎ᠡ ᠶᠢᠨ ᠵᠣᠬᠢᠶᠠᠯᠴᠢ ᠪᠠ ᠲᠦᠮᠡᠨ ᠬᠡᠷᠡᠭ ᠲᠡᠭᠦᠰ ᠬᠥᠭᠵᠢᠨ ᠪᠠᠳᠠᠷᠠᠭᠰᠠᠨ ᠮᠠᠭᠲᠠᠭᠠᠯ ᠳᠠᠭᠤᠤ ᠶᠢ ᠪᠢᠴᠢᠭᠯᠡᠪᠡ᠃                          ᠰᠤᠷᠪᠤᠯᠵᠢᠯᠠᠭᠴᠢ᠄  ᠮᠠ ᠹᠠᠩ    ᠱᠠᠩ ᠶᠦᠨ ᠰᠢᠶᠠ                                                ᠰᠢᠤᠢ ᠶᠠᠨ ᠯᠢ                          ᠨᠠᠶᠢᠷᠠᠭᠤᠯᠤᠭᠴᠢ᠄ ᠭᠦᠸᠧ ᠬᠤᠩ ᠰᠢᠶᠠ   ᠡᠤ ᠬᠤᠩ ᠰᠢᠶᠠ                          ᠤᠷᠴᠢᠭᠤᠯᠤᠭᠴᠢ᠄ ᠼᠦᠢ ᠴᠢᠩ
 
ᠢᠷᠡᠯᠲᠡ᠄ ᠠᠮᠢᠵᠢᠷᠠᠯ  ᠪᠢᠯᠬᠠᠭᠰᠠᠨ ᠯᠢᠶᠠᠩᠴᠧᠩ  ᠤᠨ ᠬᠢᠳᠡᠳ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19002733号-2