ᠲᠦᠪᠡᠳ ᠬᠠᠰᠢ ᠠᠷᠠᠰᠤᠨ ᠤ ᠦᠮᠠᠨ ᠢ ᠰᠡᠷᠭᠡᠶᠢᠯᠡᠨ᠎ᠡ
ᠨᠡᠶᠢᠲᠡᠯᠡᠭᠰᠡᠨ ᠴᠠᠭ᠄
2021/11/11
       ᠭᠧᠷᠮᠠᠨ ᠤ ᠯᠠᠶᠢᠪᠦ᠋ᠨᠢᠼ ᠣᠷᠴᠢᠨ ᠲᠤᠭᠤᠷᠢᠨ ᠤ ᠠᠨᠠᠭᠠᠬᠤ ᠤᠬᠠᠭᠠᠨ ᠤ ᠰᠤᠳᠤᠯᠭᠠᠨ ᠤ ᠭᠠᠵᠠᠷ ᠤᠨ ᠬᠠᠮᠤᠭ ᠤᠨ ᠰᠢᠨ᠎ᠡ ᠰᠤᠳᠤᠯᠭᠠᠨ ᠳᠤ ᠢᠯᠡᠷᠡᠭᠦᠯᠥᠭᠰᠡᠨ ᠢᠶᠠᠷ᠂ ᠲᠦᠪᠡᠳ ᠬᠠᠰᠢ ᠦᠷᠭᠦᠯᠵᠢ ᠢᠳᠡᠪᠡᠯ ᠨᠢᠭᠤᠷ ᠴᠢᠷᠠᠢ ᠳᠠᠬᠢ ᠦᠷᠴᠢᠯᠡᠭᠡᠰᠦ ᠶᠢ ᠪᠠᠭᠠᠰᠬᠠᠳᠠᠭ ᠢᠶᠠᠷ ᠪᠠᠷᠠᠬᠤ ᠦᠭᠡᠢ᠂ ᠠᠷᠠᠰᠤᠨ ᠤ ᠦᠮᠠᠨ ᠢ ᠰᠡᠷᠭᠡᠶᠢᠯᠡᠳᠡᠭ᠃ ᠰᠤᠳᠤᠯᠭᠠᠳᠠᠳ 65 ᠰᠠᠶᠢᠨ ᠲᠤᠷᠠᠴᠤᠤᠯ ᠢ ᠴᠤᠭᠯᠠᠭᠤᠯᠤᠨ ᠬᠤᠶᠠᠷ ᠳᠣᠭᠤᠶᠢᠯᠠᠩ ᠬᠤᠪᠢᠶᠠᠵᠠᠢ᠃ ᠨᠢᠭᠡ ᠳᠤᠭᠤᠶᠢᠯᠠᠩ ᠤᠨ ᠰᠠᠶᠢᠨ ᠳᠣᠷᠠᠴᠣᠣᠯ ᠳᠤ 12 ᠭᠠᠷᠠᠭ ᠤᠨ ᠳᠣᠲᠣᠷ᠎ᠠ ᠡᠳᠦᠷ ᠪᠤᠯᠭᠠᠨ ᠲᠦᠪᠡᠳ ᠬᠠᠰᠢ ᠢᠳᠡᠭᠦᠯᠵᠦ᠂ ᠨᠦᠭᠦᠭᠡ ᠨᠢᠭᠡ ᠳᠤᠭᠤᠶᠢᠯᠠᠩ ᠤᠨ ᠬᠢᠨ ᠢ ᠬᠡᠪ ᠪᠠᠷ ᠢᠳᠡᠭᠦᠯᠵᠦ ᠤᠤᠭᠤᠯᠭᠠᠪᠠ᠃ ᠰᠠᠶᠢᠨ ᠳᠣᠷᠠᠴᠤᠤᠯ ᠡᠳᠦᠷ ᠪᠦᠷᠢ ᠶᠢᠨ ᠦᠷᠯᠦᠭᠡ ᠤᠷᠤᠢ ᠴᠦᠮ ᠬᠦᠷᠢᠨ ᠤ ᠭᠠᠳᠠᠨᠠᠬᠢ ᠲᠤᠶᠠᠭ᠎ᠠ ᠶᠢᠨ ᠰᠠᠴᠤᠷᠠᠭ ᠢ ᠬᠦᠯᠢᠶᠡᠬᠦ ᠶᠢᠨ ᠬᠠᠮᠳᠤ ᠵᠤᠬᠢᠶᠠᠨ ᠪᠠᠶᠢᠭᠤᠯᠤᠯᠲᠠ ᠶᠢᠨ ᠪᠠᠶᠢᠴᠠᠭᠠᠯᠳᠠ ᠶᠢ ᠬᠦᠯᠢᠶᠡᠪᠡ᠃ ᠡᠭᠦᠨ ᠳᠤ᠂ ᠲᠦᠪᠡᠳ ᠬᠠᠰᠢ ᠢᠳᠡᠭᠰᠡᠨ ᠦᠭᠡᠢ ᠰᠠᠶᠢᠨ ᠲᠤᠷᠠᠴᠤᠤᠯ ᠤᠨ ᠳᠤᠭᠤᠶᠢᠯᠠᠩ ᠤᠨ ᠬᠢᠨ ᠤ ᠪᠡᠶ᠎ᠡ ᠳᠠᠬᠢ ᠦᠷᠴᠢᠯᠡᠭᠡᠰᠦ᠂ ᠦᠷᠪᠢᠰᠦᠯ ᠲᠠᠢ ᠬᠠᠮᠢᠶ᠎ᠠ ᠪᠦᠬᠦᠢ ᠪᠡᠯᠭᠡᠳᠡᠯ ᠤᠨ ᠴᠢᠨᠠᠷᠲᠠᠢ ᠭᠧᠨ ᠨᠢ ᠨᠡᠮᠡᠭᠳᠡᠵᠦ᠂ ᠡᠳᠦᠷ ᠪᠤᠯᠭᠠᠨ ᠲᠦᠪᠡᠳ ᠬᠠᠰᠢ ᠢᠳᠡᠭᠰᠡᠨ ᠳᠣᠭᠤᠶᠢᠯᠠᠩ ᠤᠨ ᠬᠢᠨ ᠤ ᠦᠷᠴᠢᠯᠡᠭᠡᠰᠦ ᠲᠠᠢ ᠭᠧᠨ ᠨᠢ ᠢᠯᠡᠳᠳᠡ ᠪᠠᠭᠠᠰᠤᠭᠰᠠᠨ ᠪᠠᠶᠢᠪᠠ᠃ ᠰᠣᠳᠣᠯᠭᠠᠳᠠᠳ ᠤᠨ ᠢᠯᠡᠷᠬᠡᠶᠢᠯᠡᠭᠰᠡᠨ ᠢᠶᠠᠷ᠂ ᠲᠦᠪᠡᠳ ᠬᠠᠰᠢ ᠦᠷᠭᠦᠯᠵᠢ ᠢᠳᠡᠪᠡᠯ ᠬᠦᠷᠢᠨ ᠤ ᠭᠠᠳᠠᠨᠠᠬᠢ ᠲᠤᠶᠠᠭᠠᠨ ᠤ ᠰᠠᠴᠤᠷᠠᠭ ᠠᠴᠠ ᠪᠤᠯᠤᠭᠰᠠᠨ ᠮᠠᠭᠤ ᠦᠷ᠎ᠡ ᠳ᠋ᠦᠩ ᠢ ᠬᠦᠴᠦᠨ ᠲᠠᠢ ᠬᠤᠷᠢᠭᠯᠠᠬᠤ ᠶᠢᠨ ᠬᠠᠮᠳᠦ ᠦᠷᠴᠢᠯᠡᠭᠡᠰᠦ ᠶᠢ ᠪᠠᠭᠠᠰᠬᠠᠨ ᠠᠷᠠᠰᠤᠨ ᠤ ᠦᠮᠠᠨ ᠢ ᠰᠡᠷᠭᠡᠶᠢᠯᠡᠳᠡᠭ ᠢ ᠬᠡᠷᠡᠴᠢᠯᠡᠪᠡ᠃ ᠰᠣᠳᠣᠯᠭᠠᠳᠠᠳ ᠤᠨ ᠰᠠᠨᠠᠭᠤᠯᠬᠤ ᠪᠠᠷ᠂ ᠢᠳᠡᠭᠡᠨ ᠤᠮᠳᠠᠭᠠᠨ ᠢᠶᠠᠨ ᠰᠠᠶᠢᠵᠢᠷᠠᠭᠤᠯᠬᠤ ᠠᠴᠠ ᠭᠠᠳᠠᠨ᠎ᠠ᠂ ᠡᠳᠦᠷ ᠪᠦᠷᠢ ᠨᠠᠷᠠᠨ ᠳᠤ ᠡᠭᠡᠬᠦ ᠴᠠᠭ ᠢ 40 ᠮᠢᠨᠦ᠋ᠲ ᠠᠴᠠ ᠬᠡᠳᠦᠷᠡᠭᠦᠯᠭᠦ ᠦᠭᠡᠢ ᠪᠠᠶᠢᠪᠠᠯ ᠬᠦᠷᠢᠨ ᠤ ᠭᠠᠳᠠᠨᠠᠬᠢ ᠲᠤᠶᠠᠭᠠᠨ ᠤ ᠬᠤᠬᠢᠷᠠᠯ ᠢ ᠨᠡᠩ ᠬᠦᠴᠦᠨ ᠲᠠᠢ ᠬᠤᠷᠢᠭᠯᠠᠵᠤ ᠲᠠᠶᠢᠯᠳᠡᠭ᠃     ︵ᠲᠤᠰ ᠡᠬᠡ ᠪᠢᠴᠢᠭ ᠢ ︽ᠠᠷᠠᠳ ᠤᠨ ᠰᠦᠯᠵᠢᠶ᠎ᠡ︾ ᠠᠴᠠ ᠨᠠᠶᠢᠷᠠᠭᠤᠯᠤᠨ ᠤᠷᠴᠢᠭᠤᠯᠪᠠ︶
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19002733号-2