ᠵᠢᠮᠢᠰ ᠪᠤᠯ ᠬᠦᠮᠦᠰ ᠤᠨ ᠠᠮᠢᠳᠤᠷᠠᠯ ᠳᠤ ᠲᠤᠳᠠᠬᠳᠠᠵᠤ ᠪᠤᠯᠤᠰᠢ ᠦᠭᠡᠢ ᠨᠢᠭᠡᠨ ᠵᠦᠢᠯ ᠤᠨ ᠢᠳᠡᠭᠡᠨ ᠮᠦᠨ᠃ | ᠵᠢᠮᠢᠰ ᠲᠤ ᠬᠦᠮᠦᠨ ᠤ ᠪᠡᠶ᠎ᠡ ᠴᠤᠬᠴᠠ ᠳᠤ ᠭᠡᠷᠡᠭᠰᠡᠬᠦ ᠰᠢᠬᠢᠷ ᠤᠨ ᠵᠦᠢᠯ᠂ ᠤᠷᠭᠠᠨᠢᠬ ᠬᠦᠴᠢᠯ᠂ ᠸᠢᠲ᠋ᠠᠮᠢᠨ ᠪᠤᠯᠤᠨ | ᠤᠷᠭᠠᠨᠢᠬ ᠪᠤᠰᠤ ᠲᠠᠪᠤᠰᠤ ᠠᠭᠤᠯᠤᠬᠳᠠᠨᠠ᠃ ᠭᠡᠪᠡᠴᠤ ᠵᠢᠮᠢᠰ ᠪᠠᠰᠠ ᠬᠦᠢᠳᠡᠨ᠂ ᠬᠠᠯᠠᠭᠤᠨ᠂ ᠪᠦᠯᠢᠶᠡᠨ᠂ | ᠰᠡᠷᠢᠬᠦᠨ ᠮᠡᠳᠦ ᠶᠢᠨ ᠠᠳᠠᠯᠢ ᠪᠤᠰᠤ ᠶᠢᠨ ᠪᠠᠶᠢᠵᠤ᠂ ᠵᠢᠮᠢᠰ ᠪᠦᠷᠢ ᠳᠤ ᠠᠭᠤᠯᠤᠬᠳᠠᠬᠤ ᠰᠢᠮ᠎ᠠ ᠲᠡᠵᠢᠭᠡᠯ ᠤᠨ | ᠡᠳ᠋ ᠨᠢ ᠴᠤ ᠠᠳᠠᠯᠢ ᠪᠤᠰᠤ ᠪᠠᠶᠢᠳᠠᠬ ᠶᠤᠮ᠂ ᠡᠶᠢᠮᠦ ᠠᠴᠠ ᠵᠢᠮᠢᠰ ᠢ ᠢᠳᠡᠬᠦ ᠳᠤ ᠪᠠᠰᠠ ᠮᠡᠳᠡᠯᠭᠡ ᠱᠠᠭᠠᠷᠳᠠᠬᠳᠠᠨ᠎ᠠ᠃ | | 1᠂ ᠵᠢᠮᠢᠰ ᠢᠳᠡᠬᠦ ᠳᠤ ᠭᠠᠭᠴᠠᠬᠠᠨ ᠨᠢᠭᠡ ᠵᠦᠢᠯ ᠤᠨ ᠬᠢ ᠶᠢ ᠢᠳᠡᠵᠤ ᠪᠠᠶᠢᠵᠤ ᠪᠤᠯᠬᠤ ᠦᠭᠡᠢ᠃ ᠵᠢᠮᠢᠰ ᠲᠤ | ᠢᠳᠡᠰᠢᠨ ᠤ ᠡᠮᠴᠢᠡᠯᠭᠡ ᠶᠢᠨ ᠦᠢᠯᠡᠳᠦᠯ ᠲᠠᠢ ᠪᠠᠶᠢᠳᠠᠬ᠂ ᠦᠪᠡᠷᠰᠡᠳ ᠤᠨ ᠡᠮᠴᠢᠯᠡᠭᠡᠨ ᠤ ᠬᠦᠷᠢᠶ᠎ᠠ ᠲᠠᠢ ᠪᠠᠶᠢᠳᠠᠬ᠃ | ᠵᠢᠱᠢᠶᠡᠯᠡᠪᠡᠯ᠄ ᠬᠠᠨᠢᠶᠠᠳᠤ ᠶᠢ ᠵᠤᠬᠰᠤᠭᠠᠵᠤ ᠴᠡᠷ ᠢ ᠠᠷᠢᠯᠭᠠᠬᠤ ᠳᠤ ᠠᠯᠢᠮ᠎ᠠ ᠲᠤᠰᠠᠳᠠᠢ᠃ ᠰᠢᠮ᠎ᠠ ᠲᠡᠵᠢᠭᠡᠯ ᠢ | ᠨᠦᠬᠦᠪᠦᠷᠢᠯᠡᠬᠦ ᠳᠤ ᠴᠢᠪᠠᠭ᠎ᠠ ᠲᠤᠰᠠᠳᠠᠢ᠃ ᠴᠢᠰᠤᠨ ᠲᠠᠷᠤᠯᠳᠠ ᠦᠨᠳᠦᠷᠵᠢᠬᠦ᠂ ᠵᠢᠷᠦᠭᠡᠨ ᠲᠢᠳᠠᠮ ᠡᠪᠡᠳᠴᠢᠨ ᠲᠠᠢ | ᠬᠦᠮᠦᠨ ᠳᠤ ᠲᠤᠯᠤᠨᠤ᠂ ᠠᠯᠮᠤᠷᠠᠳ ᠢᠳᠡᠪᠡᠯ ᠰᠠᠶᠢᠨ ᠪᠠᠶᠢᠳᠠᠬ᠃ | 2᠂ ᠵᠢᠮᠢᠰ ᠢᠳᠡᠬᠦ ᠳᠤ ᠭᠡᠮᠵᠢᠶ᠎ᠠ ᠨᠢ ᠲᠤᠬᠢᠷᠠᠮᠵᠢᠳᠠᠢ ᠪᠠᠶᠢᠬᠤ ᠭᠡᠷᠡᠭᠳᠡᠢ᠃ ᠵᠠᠷᠢᠮ ᠬᠦᠮᠦᠨ ᠵᠢᠮᠢᠰ ᠢᠳᠡᠬᠦ ᠶᠢ | ᠬᠢᠵᠠᠭᠠᠷᠯᠠᠬᠤ ᠦᠭᠡᠢ᠂ ᠬᠡᠳᠦᠷᠡᠳᠡᠯ᠎ᠡ ᠢᠳᠡᠪᠡᠯ ᠮᠠᠭᠤ᠃ ᠵᠠᠷᠢᠮ ᠬᠦᠮᠦᠨ ᠱᠠᠪᠳᠠᠯ᠎ᠠ ᠢᠳᠡᠬᠦ ᠲᠤᠷᠠᠳᠠᠢ᠂ | ᠱᠠᠪᠳᠠᠯ᠎ᠠ ᠶᠢ ᠬᠡᠳᠦᠷᠡᠳᠡᠯ᠎ᠡ ᠢᠳᠡᠪᠡᠯ ᠬᠢᠯᠪᠠᠷᠬᠠᠨ ︽ᠬᠤᠳᠤᠭᠠᠳᠤ ᠴᠢᠯᠠᠭᠤᠵᠢᠨᠠ︾᠃ ᠪᠠᠶᠠᠷᠳᠤ ᠵᠦᠷᠵᠢ᠂ ᠵᠦᠷᠵᠢ | ᠂ ᠠᠯᠢᠮ᠎ᠠ ᠶᠢ ᠬᠡᠳᠦᠷᠡᠳᠡᠯ᠎ᠡ ᠢᠳᠡᠪᠡᠯ ᠲᠡᠯᠢᠬᠦᠦ ᠬᠤᠳᠤᠭᠠᠳᠤ ᠶᠢ ᠭᠡᠮᠳᠦᠭᠡᠵᠦ᠂ ᠬᠢᠯᠪᠠᠷᠬᠠᠨ ︽ᠴᠢᠴᠠᠭ᠎ᠠ ᠠᠯᠳᠠᠨ᠎ᠠ︾ | ᠃ | 3᠂ ᠵᠢᠮᠢᠰ ᠲᠤ ᠰᠢᠬᠢᠷ ᠠᠭᠤᠯᠤᠬᠳᠠᠬᠤ ᠪᠤᠯᠬᠤᠷ ᠬᠦᠮᠦᠨ ᠤ ᠰᠢᠳᠦ ᠶᠢ ᠭᠡᠮᠳᠦᠭᠡᠨ᠎ᠠ᠂ ᠡᠶᠢᠮᠦ ᠠᠴᠠ ᠵᠢᠮᠢᠰ ᠢ | ᠢᠳᠡᠭᠰᠡᠨ ᠤ ᠲᠠᠷᠠᠭ᠎ᠠ ᠠᠮᠠ ᠪᠠᠨ ᠵᠠᠶᠢᠯᠠᠵᠤ ᠰᠢᠳᠦ ᠪᠠᠨ ᠤᠬᠢᠶᠠᠨ᠎ᠠ᠂ ᠤᠨᠴᠠᠭᠠᠢᠢᠯᠠᠨ ᠤᠨᠳᠠᠬᠤ ᠠᠴᠠ ᠡᠮᠦᠨ᠎ᠠ | ᠠᠯᠮᠤᠷᠠᠳ ᠢᠳᠡᠭᠰᠡᠨ ᠤ ᠲᠠᠷᠠᠭ᠎ᠠ ᠡᠷᠭᠡᠪᠰᠢ ᠰᠢᠳᠦ ᠪᠠᠨ ᠱᠤᠸᠠᠵᠠᠳᠠᠬᠤ ᠭᠡᠷᠡᠭᠳᠡᠢ᠃ | 4᠂ ᠵᠠᠷᠢᠮ ᠵᠢᠮᠢᠰ ᠢ ᠬᠤᠯᠢᠵᠤ ᠢᠳᠡᠵᠤ ᠪᠤᠯᠬᠤ ᠦᠭᠡᠢ᠂ ᠵᠢᠱᠢᠶᠡᠯᠡᠪᠡᠯ ᠵᠢᠮᠢᠰ ᠪᠠ ᠯᠤᠤᠪᠠᠨᠭ᠌ ᠢ ᠬᠠᠮᠳᠤ | ᠢᠳᠡᠵᠤ ᠪᠤᠯᠬᠤ ᠦᠭᠡᠢ᠂ ᠬᠠᠮᠳᠤ ᠢᠳᠡᠭᠰᠡᠨ ᠤ ᠬᠤᠶᠢᠨ᠎ᠠ ᠨᠢᠭᠡ ᠵᠦᠢᠯ ᠤᠨ ᠬᠦᠬᠦᠷᠳᠦ ᠼᠢᠶᠠᠨ ᠬᠦᠴᠢᠯ ᠤᠨ | ᠲᠠᠪᠤᠰᠤ ᠭᠡᠮᠡᠬᠦ ᠬᠢᠮᠢ ᠶᠢᠨ ᠪᠤᠳᠠᠰ ᠬᠢᠯᠪᠠᠷᠬᠠᠨ ᠡᠬᠦᠰᠴᠤ ᠬᠦᠮᠦᠨ ᠤ ᠪᠡᠶ᠎ᠡ ᠳᠤ ᠬᠤᠤᠷᠳᠠᠢ᠃ |