ᠵᠧᠩ ᠳ᠋ᠦᠩ ᠫᠢᠩ ᠰᠢᠶᠠᠨ ᠤ ᠵᠠᠰᠠᠭ ᠤᠨ ᠣᠷᠳᠣᠨ ᠤ 2022 ᠣᠨ ᠤ 16 ᠳ᠋ᠤᠭᠠᠷ ᠤᠳᠠᠭ᠎ᠠ ᠶᠢᠨ ᠪᠠᠶᠢᠩᠭᠤ ᠶᠢᠨ ᠬᠤᠷᠠᠯ ᠢ ᠡᠷᠭᠢᠯᠡᠨ ᠬᠤᠷᠠᠯᠳᠤᠭᠤᠯᠪᠠ
ᠨᠡᠶᠢᠲᠡᠯᠡᠭᠰᠡᠨ ᠴᠠᠭ᠄
2022/7/6
   7 ᠰᠠᠷ᠎ᠠ ᠶᠢᠨ 5 ᠤ ᠡᠳᠦᠷ᠂ ᠰᠢᠶᠠᠨ ᠤ ᠨᠠᠮ ᠤᠨ ᠬᠤᠷᠢᠶᠠᠨ ᠤ ᠳᠡᠳ᠋ ᠱᠦᠵᠢ᠂ ᠰᠢᠶᠠᠨ ᠤ ᠳᠠᠷᠤᠭ᠎ᠠ ᠵᠧᠩ ᠳ᠋ᠦᠩ ᠫᠢᠩ ᠰᠢᠶᠠᠨ ᠤ ᠵᠠᠰᠠᠭ ᠤᠨ ᠣᠷᠳᠣᠨ ᠤ 2022 ᠣᠨ ᠤ 16 ᠳ᠋ᠤᠭᠠᠷ ᠤᠳᠠᠭ᠎ᠠ ᠶᠢᠨ ᠪᠠᠶᠢᠩᠭᠤ ᠶᠢᠨ ᠬᠤᠷᠠᠯ ᠢ ᠡᠷᠭᠢᠯᠡᠨ ᠬᠤᠷᠠᠯᠳᠤᠭᠤᠯᠵᠤ᠂ ᠰᠢᠶᠠᠨ ᠤ ᠳᠡᠳ᠋ ᠳᠠᠷᠤᠭ᠎ᠠ ᠵᠢᠶᠠ ᠰᠢᠶᠤᠤ ᠫᠢᠩ᠂ ᠹᠧᠩ ᠵᠢᠶᠦ᠋ᠨ᠂ ᠶᠠᠩ ᠬᠤᠩ᠂ ᠵᠠᠶ ᠵᠢᠶ ᠴᠢᠩ ᠬᠤᠷᠠᠯ ᠳᠤ ᠣᠷᠣᠯᠴᠠᠪᠠ᠃
        ᠬᠤᠷᠠᠯ ᠠᠴᠠ ︽ᠯᠢᠶᠠᠩᠴᠧᠩ ᠰᠢᠶᠠᠨ ᠤ ᠡᠬᠢ ᠪᠠᠶᠠᠯᠢᠭ ᠤᠨ ᠨᠡᠭᠡᠭᠡᠨ ᠬᠥᠭᠵᠢᠭᠦᠯᠦᠯᠲᠡ ᠶᠢᠨ ᠬᠢᠵᠠᠭᠠᠷᠲᠤ ᠬᠠᠷᠢᠭᠤᠴᠠᠯᠭᠠᠲᠤ ᠺᠣᠮᠫᠠᠨᠢ ᠶᠢ ᠪᠠᠶᠢᠭᠤᠯᠬᠤ ᠲᠥᠰᠦᠯ︾᠂ ︽ᠪᠦᠬᠦ ᠰᠢᠶᠠᠨ ᠤ ᠬᠠᠶᠢᠷ ᠴᠢᠯᠠᠭᠤ ᠶᠢ ᠨᠢᠭᠡᠳᠦᠯᠲᠡᠢ ᠨᠡᠭᠡᠭᠡᠨ ᠠᠰᠢᠭᠯᠠᠬᠤ ᠶᠢ ᠬᠡᠷᠡᠭᠵᠢᠭᠦᠯᠬᠦ ᠲᠥᠰᠦᠯ︾᠂ ︽ᠯᠢᠶᠠᠩᠴᠧᠩ ᠰᠢᠶᠠᠨ ᠤ ᠠᠶᠤᠯᠭᠦᠢ ᠦᠢᠯᠡᠳᠪᠦᠷᠢᠯᠡᠯ ᠤᠨ ᠬᠦᠷᠢᠶᠡᠨ ᠳᠠᠬᠢ ᠢᠯᠡᠴᠢᠯᠡᠨ ᠮᠡᠳᠡᠭᠦᠯᠦᠭᠰᠡᠳ ᠢ ᠱᠠᠩᠨᠠᠬᠤ ᠠᠷᠭ᠎ᠠ ︵ᠲᠤᠷᠰᠢᠨ ᠬᠡᠷᠡᠭᠵᠢᠭᠦᠯᠬᠦ︶︾ ᠶᠢ ᠬᠢᠨᠠᠨ ᠵᠥᠪᠯᠡᠪᠡ᠃ ᠰᠢᠶᠠᠨ ᠤ ᠤᠯᠠᠭᠠᠨᠮᠥ᠋ᠴᠢᠷ ᠤᠨ ᠪᠣᠯᠪᠠᠰᠤᠷᠠᠯ ᠤᠨ ᠲᠢᠩᠬᠢᠮ ᠤᠨ ᠪᠥᠲᠥᠭᠡᠨ ᠪᠠᠶᠢᠭᠤᠯᠤᠯᠲᠠ ᠶᠢᠨ ᠬᠠᠶ᠋ᠢᠭ ᠢ ᠬᠤᠪᠢᠷᠠᠭᠤᠯᠬᠤ ᠵᠢᠴᠢ ᠭᠠᠵᠠᠷ ᠰᠢᠷᠣᠶ ᠶᠢ ᠬᠤᠪᠢᠶᠠᠷᠢᠯᠠᠨ ᠰᠠᠯᠭᠠᠬᠤ ᠤᠴᠢᠷ ᠶᠠᠪᠤᠳᠠᠯ᠂ ᠬᠠᠯᠠᠭᠤᠨ ᠷᠠᠰᠢᠶᠠᠨ ᠤ ᠺᠠᠩ ᠶᠠᠩ ᠮᠢᠨ ᠪᠠᠭᠤᠳᠠᠯ ᠪᠠᠭᠤᠳᠠᠯ ᠤᠨ ᠪᠠᠯᠠ ᠣᠷᠣᠭᠤᠯᠵᠤ ᠪᠥᠲᠥᠭᠡᠨ ᠪᠠᠶᠢᠭᠤᠯᠬᠤ ᠤᠴᠢᠷ ᠶᠠᠪᠤᠳᠠᠯ ᠂ ᠣᠨᠳᠣᠤ ᠭᠠᠵᠠᠷ ᠤᠨ ᠨᠡᠭᠦᠳᠡᠯ ᠠᠷᠠᠳ ᠤᠨ ᠬᠠᠯᠠᠭᠤᠨ ᠷᠠᠰᠢᠶᠠᠨ ᠤ ᠵᠢᠵᠢᠭ ᠪᠠᠯᠭᠠᠰᠤᠨ ᠤ ᠲᠥᠪᠬᠢᠨᠡᠭᠦᠯᠬᠦ ᠴᠢᠬ ᠤᠨ ᠭᠠᠵᠠᠷ ᠰᠢᠷᠣᠶ ᠶᠢ ᠬᠤᠪᠢᠶᠠᠷᠢᠯᠠᠨ ᠰᠠᠯᠭᠠᠬᠤ ᠤᠴᠢᠷ ᠶᠠᠪᠤᠳᠠᠯ᠂  ᠲᠠᠭ᠎ᠠ ᠶᠢᠨ ᠨᠠᠭᠤᠷ ᠪᠠᠯᠭᠠᠰᠤᠨ ᠤ ᠨᠡᠶᠢᠲᠡ ᠶᠢᠨ ᠠᠰᠠᠷᠠᠮᠵᠢ ᠶᠢᠨ ᠠᠵᠢᠯ ᠤᠨ ᠪᠠᠶᠢᠷᠢ ᠶᠢᠨ ᠠᠵᠢᠯᠲᠠᠨ ᠢ ᠨᠡᠮᠡᠭᠳᠡᠭᠦᠯᠬᠦ ᠤᠴᠢᠷ ᠶᠠᠪᠤᠳᠠᠯ ᠵᠡᠷᠭᠡ ᠶᠢ ᠰᠤᠳᠤᠯᠤᠨ᠎ᠠ᠃
       ᠬᠤᠷᠠᠯ ᠠᠴᠠ᠂ ᠭᠤᠣᠯ ᠠᠵᠢᠯ ᠳᠤ ᠠᠩᠬᠠᠷᠤᠯ ᠢᠶᠠᠨ ᠲᠥᠪᠯᠡᠷᠡᠭᠦᠯᠵᠦ᠂ ︽ᠭᠤᠣᠯ ᠠᠵᠢᠯ ᠢ ᠬᠢᠨᠠᠨ ᠬᠠᠷᠭᠤᠭᠤᠯᠬᠤ᠂ ᠡᠳ᠋ ᠬᠦᠷᠦᠩᠭᠡ ᠶᠢ ᠴᠤᠭᠯᠠᠭᠤᠯᠬᠤ᠂ ᠠᠵᠤ ᠦᠢᠯᠡᠰ ᠢ ᠣᠷᠣᠨ ᠪᠠᠶᠢᠷᠢ ᠳᠤᠨᠢ ᠣᠷᠣᠭᠤᠯᠬᠤ︾ ᠱᠠᠭᠠᠷᠳᠠᠯᠭ᠎ᠠ ᠶᠣᠰᠣᠭᠠᠷ᠂ ᠡᠯ᠎ᠡ ᠲᠦᠷᠦᠯ ᠤᠨ ᠡᠬᠢ ᠪᠠᠶᠠᠯᠢᠭ ᠢ ᠭᠦᠨᠵᠡᠭᠡᠢ ᠨᠡᠶᠢᠳᠬᠡᠵᠦ᠂ ᠵᠣᠬᠢᠶᠠᠨ ᠪᠠᠶᠢᠭᠤᠯᠵᠤ ᠡᠵᠡᠩᠨᠡᠬᠦ ᠡᠯ᠎ᠡ ᠲᠦᠷᠦᠯ ᠤᠨ ᠠᠵᠢᠯ ᠢ ᠪᠦᠬᠦ ᠬᠦᠴᠦᠨ ᠢᠶᠠᠷ ᠢᠶᠠᠨ ᠳᠡᠮᠵᠢᠬᠦ ᠬᠡᠷᠡᠭᠲᠡᠢ᠃ ᠪᠣᠬᠢᠷᠲᠤᠯ ᠦᠭᠡᠢ ᠬᠥᠭᠵᠢᠯᠲᠡ ᠶᠢᠨ ᠤᠢᠢᠯᠠᠭᠠᠭᠳᠠᠬᠤᠨ ᠢ ᠪᠠᠷᠢᠮᠲᠠᠯᠠᠵᠤ᠂ ᠬᠠᠤᠯᠢ ᠲᠣᠭᠲᠠᠭᠠᠯ ᠶᠣᠰᠣᠭᠠᠷ ᠠᠵᠢᠯᠯᠠᠬᠤ ᠶᠢ ᠪᠠᠷᠢᠮᠲᠠᠯᠠᠵᠤ᠂ ᠵᠡᠷᠭᠡᠪᠡᠷ ᠠᠳᠬᠤᠵᠤ ᠬᠠᠮᠲᠤᠪᠠᠷ ᠬᠠᠮᠢᠶᠠᠷᠬᠤ ᠶᠢ ᠪᠠᠷᠢᠮᠲᠠᠯᠠᠵᠤ᠂ ᠨᠡᠭᠡᠭᠡᠨ ᠮᠠᠯᠲᠠᠬᠤ ᠲᠥᠯᠥᠪᠵᠢᠭᠦᠯᠭᠡ ᠶᠢ ᠰᠢᠨᠵᠢᠯᠡᠬᠦ ᠤᠬᠠᠭᠠᠨᠴᠢ ᠪᠠᠷ ᠨᠠᠶᠢᠷᠠᠭᠤᠯᠤᠨ ᠵᠣᠬᠢᠶᠠᠵᠤ᠂ ᠨᠡᠭᠡᠭᠡᠨ ᠮᠠᠯᠲᠠᠬᠤ  ᠬᠦᠷᠢᠶ᠎ᠡ ᠬᠡᠪᠴᠢᠶ᠎ᠡ ᠶᠢ ᠵᠣᠬᠢᠰᠲᠠᠢ ᠲᠣᠭᠲᠠᠭᠠᠵᠤ᠂ ᠨᠡᠭᠡᠭᠡᠨ ᠮᠠᠯᠲᠠᠬᠤ ᠠᠵᠤ ᠠᠬᠤᠶᠢᠯᠠᠯ ᠢ ᠴᠢᠩᠭ᠎ᠠ ᠬᠠᠮᠢᠶᠠᠷᠴᠤ᠂ ᠬᠠᠤᠯᠢ ᠠᠴᠠ ᠵᠥᠷᠢᠴᠡᠨ ᠬᠠᠶᠢᠷ ᠮᠠᠯᠲᠠᠬᠤ ᠠᠵᠢᠯᠯᠠᠭ᠎ᠠ ᠳᠤ ᠴᠢᠩᠭ᠎ᠠ ᠴᠣᠬᠢᠯᠲᠠ ᠥᠭᠴᠦ᠂ ᠬᠠᠶᠢᠷ ᠴᠢᠯᠠᠭᠤ ᠮᠠᠯᠲᠠᠬᠤ ᠡᠮᠬᠢ ᠳᠢᠭᠯᠢᠮ ᠪᠣᠯᠤᠨ ᠬᠠᠶᠢᠷ ᠴᠢᠯᠠᠭᠤ ᠡᠵᠡᠩᠨᠡᠬᠦ ᠠᠵᠢᠯᠯᠠᠭ᠎ᠠ ᠶᠢ ᠪᠦᠲᠦᠮᠵᠢᠲᠡᠢ ᠵᠢᠷᠤᠮᠵᠢᠭᠤᠯᠵᠤ᠂ ᠠᠵᠤ ᠠᠬᠤᠢ᠂ ᠨᠡᠶᠢᠭᠡᠮ᠂ ᠠᠮᠢ ᠠᠬᠤᠢ ᠶᠢᠨ ᠣᠷᠴᠢᠨ ᠲᠣᠭᠤᠷᠢᠨ ᠤ ᠡᠶ᠎ᠡ ᠵᠣᠬᠢᠴᠠᠩᠭᠤᠢ ᠡᠷᠡᠭᠦᠯ ᠪᠠᠶᠢᠬᠤ ᠶᠢ ᠪᠠᠲᠤᠯᠠᠬᠤ ᠬᠡᠷᠡᠭᠲᠡᠢ᠃ ᠬᠤᠯᠪᠣᠭᠳᠠᠯ ᠪᠥᠬᠦᠶ ᠰᠠᠯᠠᠭ᠎ᠠ ᠮᠥᠴᠢᠷ ᠤᠳ ᠳᠡᠭᠡᠳᠦ ᠬᠡᠮᠵᠢᠶ᠎ᠡ ᠪᠠᠷ ᠴᠢᠬᠤᠯᠠᠴᠢᠯᠠᠵᠤ᠂ ᠢᠳᠡᠪᠬᠢᠲᠡᠶ ᠪᠠᠷ ᠬᠠᠮᠵᠢᠯᠴᠠᠨ᠂ ᠲᠥᠷᠥᠯ  ᠵᠤᠶᠢᠯ ᠢ ᠬᠢᠨᠠᠨ ᠵᠥᠪᠰᠢᠶᠡᠷᠡᠬᠦ᠂ ᠭᠠᠵᠠᠷ ᠰᠢᠷᠣᠶ ᠶᠢ ᠬᠤᠪᠢᠶᠠᠷᠢᠯᠠᠨ ᠰᠠᠯᠭᠠᠬᠤ ᠲᠠᠯ᠎ᠠ ᠪᠠᠷ ᠵᠣᠬᠢᠴᠠᠭᠤᠯᠤᠨ ᠨᠡᠪᠲᠡᠷᠡᠯᠴᠡᠬᠦ ᠪᠠᠨ ᠴᠢᠩᠭᠠᠳᠬᠠᠵᠤ᠂ ᠬᠠᠤᠯᠢ ᠲᠣᠭᠲᠠᠭᠠᠯ ᠢ ᠴᠢᠩᠭ᠎ᠠ ᠵᠢᠷᠤᠮᠯᠠᠨ᠂ ᠲᠥᠷᠥᠯ  ᠵᠤᠶᠢᠯ ᠤᠨ ᠡᠷᠲᠡ ᠠᠵᠢᠯ ᠡᠬᠢᠯᠡᠭᠦᠯᠬᠦ᠂ ᠡᠷᠲᠡ ᠡᠵᠡᠩᠨᠡᠬᠦ ᠶᠢ ᠬᠦᠴᠦᠯᠡᠨ ᠠᠬᠢᠭᠤᠯᠬᠤ ᠬᠡᠷᠡᠭᠲᠡᠶ  ᠭᠡᠵᠠᠢ᠃    ᠬᠤᠷᠠᠯ ᠠᠴᠠ ᠪᠠᠰᠠ ᠪᠤᠰᠤᠳ ᠵᠦᠢᠯ ᠢ ᠰᠤᠳᠤᠯᠵᠠᠢ᠃                                             ᠨᠠᠶᠢᠷᠠᠭᠤᠯᠤᠭᠴᠢ᠄  ᠯᠢ ᠬᠤᠩ ᠢᠦᠢ                                               ᠤᠷᠴᠢᠭᠤᠯᠤᠭᠴᠢ᠄   ᠼᠦᠢ ᠴᠢᠩ
 
ᠢᠷᠡᠯᠲᠡ᠄ ᠠᠮᠢᠵᠢᠷᠠᠯ  ᠪᠢᠯᠬᠠᠭᠰᠠᠨ ᠯᠢᠶᠠᠩᠴᠧᠩ  ᠤᠨ ᠬᠢᠳᠡᠳ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19002733号-2