ᠵᠧᠤ ᠠᠶ ᠴᠢᠨ᠄ ᠲᠠᠬᠢᠶ᠎ᠠ ᠲᠡᠵᠢᠭᠡᠵᠦ ᠪᠠᠶᠠᠵᠢᠯ ᠤᠨ  ᠵᠠᠮ ᠢᠶᠠᠨ  ᠨᠡᠬᠡᠬᠡᠪᠡ
ᠨᠡᠶᠢᠲᠡᠯᠡᠭᠰᠡᠨ ᠴᠠᠭ᠄
2023/10/7
    ᠮᠠᠯ ᠵᠢᠭᠦᠷᠲᠡᠨ ᠲᠡᠵᠢᠭᠡᠨ ᠦᠷᠡᠵᠢᠭᠦᠯᠬᠦ ᠦᠢᠯᠡᠰ ᠪᠣᠯ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠴᠢᠬᠤᠯᠠ ᠠᠵᠤ ᠦᠢᠯᠡᠰ ᠪᠣᠯᠤᠨ᠎ᠠ᠂ ᠯᠢᠶᠠᠩᠴᠧᠩ ᠰᠢᠶᠠᠨ ᠤ ᠬᠤᠩ ᠮᠤᠤ ᠪᠠᠯᠭᠠᠰᠤ ᠶᠢᠨ ᠵᠢᠩ ᠭᠸᠤ ᠨᠡᠭᠦᠳᠡᠯ ᠠᠷᠠᠳ ᠤᠨ ᠲᠣᠰᠬᠤᠨ ᠤ ᠵᠧᠦ ᠠᠢ ᠴᠢᠨ ᠡᠷᠲᠡ ︽ᠲᠠᠬᠢᠶ᠎ᠠ︾ ᠶᠢ ᠠᠳᠬᠤᠨ ᠠᠪᠴᠤ᠂ ᠲᠠᠬᠢᠶ᠎ᠠ ᠲᠡᠵᠢᠭᠡᠬᠦ ᠲᠠᠯᠠᠪᠠᠢ ᠪᠠᠶᠢᠭᠤᠯᠵᠠᠢ᠃ ᠡᠨᠡ ᠵᠢᠯ 60 ᠨᠠᠰᠤᠲᠠᠶ ᠲᠡᠷᠡ 10 ᠵᠢᠯ ᠤᠨ ᠴᠠᠭ ᠢ ᠬᠡᠷᠡᠭᠯᠡᠵᠦ ᠪᠠᠶᠢᠭᠠᠳ ᠲᠡᠵᠢᠭᠡᠨ ᠦᠷᠡᠵᠢᠭᠦᠯᠬᠦ ᠮᠡᠷᠭᠡᠵᠢᠯ ᠢ ᠥᠴᠦᠬᠡᠨ ᠴᠦ ᠮᠡᠳᠡᠬᠦ ᠥᠬᠡᠶ  ᠪᠠᠶᠢᠭᠰᠠᠨ ᠠᠴᠠ ᠪᠠᠨ ᠲᠠᠬᠢᠶ᠎ᠠ ᠲᠡᠵᠢᠭᠡᠬᠦ ᠲᠣᠮᠣ ᠡᠷᠦᠬᠡ ᠪᠣᠯᠤᠨ ᠬᠥᠭᠵᠢᠵᠦ᠂ ᠥᠪᠡᠷ ᠢ ᠪᠠᠨ ᠪᠠᠶᠠᠵᠢᠭᠤᠯᠤᠭᠰᠠᠨ ᠢᠶᠠᠷ ᠪᠠᠷᠠᠬᠤ ᠥᠬᠡᠶ ᠲᠤᠬᠠᠶ ᠶᠢᠨ ᠭᠠᠵᠠᠷ ᠤᠨ ᠬᠥᠳᠡᠭᠡ ᠲᠣᠰᠬᠤᠨ ᠤ ᠠᠵᠤ  ᠤᠶᠢᠯᠡᠰ ᠤᠨ ᠬᠥᠭᠵᠢᠯᠲᠡ ᠳᠤ ᠠᠮᠢᠵᠢᠷᠠᠯ ᠤᠨ ᠬᠦᠴᠦᠨ ᠪᠠ ᠠᠮᠢᠵᠢᠷᠠᠯ ᠤᠨ ᠬᠦᠴᠦᠨ ᠨᠡᠮᠡᠷᠢᠯᠡᠭᠰᠡᠨ ᠪᠠᠶᠢᠨ᠎ᠠ᠃
 
    ᠵᠧᠤ ᠠᠶ ᠴᠢᠨ ᠤ ᠲᠠᠬᠢᠶ᠎ᠠ ᠲᠡᠵᠢᠭᠡᠬᠦ ᠲᠠᠯᠠᠪᠠᠶ ᠳᠤ ᠣᠷᠣᠬᠤ ᠳᠤ᠂ ᠮᠥᠷ ᠮᠥᠷ ᠲᠠᠬᠢᠶ᠎ᠠ ᠶᠢᠨ ᠡᠭᠦᠷ ᠨᠢ ᠡᠮᠬᠢ ᠵᠠᠮᠪᠠᠷᠠᠭ᠎ᠠ ᠥᠬᠡᠶ᠂ ᠴᠡᠪᠡᠷ ᠴᠡᠮᠴᠡᠭᠡᠷ ᠬᠦᠷᠢᠶᠡᠨ ᠳᠣᠲᠣᠷ᠎ᠠ ᠠᠴᠠ ᠬᠡᠳᠦᠨ ︽ᠲᠡᠨᠦᠭᠦᠯ ᠲᠠᠬᠢᠶ᠎ᠠ︾ ᠮᠣᠳᠣᠨ ᠤ ᠳᠣᠤᠷ᠎ᠠ ᠠᠴᠠ ᠢᠳᠡᠰᠢ ᠡᠷᠢᠵᠦ ᠪᠠᠶᠢᠯ᠎ᠠ᠃ ᠰᠤᠷᠪᠤᠯᠵᠢᠯᠠᠭᠴᠢ ᠲᠠᠬᠢᠶ᠎ᠠ ᠶᠢᠨ ᠰᠠᠷᠠᠪᠴᠢᠨ ᠳᠤ ᠣᠷᠣᠬᠤ ᠳᠤ᠂ ᠬᠥᠷ ᠬᠥᠭᠵᠢᠶᠡᠨ ᠲᠠᠢ ᠲᠠᠬᠢᠶ᠎ᠠ ᠶᠢᠨ ᠰᠦᠷᠦᠭ ᠨᠢᠳᠦᠨ ᠤ ᠬᠥᠰᠢᠭᠡ ᠳᠤ ᠦᠰᠦᠷᠦᠨ ᠣᠷᠣᠵᠤ᠂ ᠵᠠᠷᠢᠮ ᠨᠢ ᠨᠠᠷᠢᠨ ᠨᠢᠮᠪᠠᠶ ᠢᠳᠡᠰᠢ ᠡᠷᠢᠵᠦ᠂ ᠵᠠᠷᠢᠮ ᠨᠢ ᠬᠠᠩᠭᠢᠨᠠᠲᠠᠯ᠎ᠠ ᠳᠠᠭᠤᠯᠠᠵᠤ᠂ ᠶᠠᠭ ᠯᠠ ︽ᠳᠠᠭᠤᠯᠠᠬᠤ︾ ᠤᠷᠤᠯᠳᠤᠭᠠᠨ ᠶᠠᠪᠤᠭᠤᠯᠵᠤ ᠪᠠᠶᠢᠭ᠎ᠠ ᠮᠡᠲᠦ ᠪᠠᠶᠢᠯ᠎ᠠ᠃ ᠵᠧᠦ ᠠᠶ ᠴᠢᠨ ᠲᠠᠬᠢᠶᠠᠨ ᠥᠨᠳᠡᠭᠡ ᠲᠡᠭᠦᠵᠦ  ᠪᠠᠶᠢᠪᠠ᠃    ᠵᠧᠦ ᠠᠶ ᠴᠢᠨ
     ︽ᠪᠢ ᠪᠠᠭ᠎ᠠ ᠰᠠᠭ᠎ᠠ ᠥᠨᠳᠡᠭᠡᠨ ᠲᠠᠬᠢᠶ᠎ᠠ ᠪᠠ ᠡᠷᠡᠭᠴᠢᠨ ᠲᠠᠬᠢᠶ᠎ᠠ ᠲᠡᠵᠢᠭᠡᠵᠡᠶ᠂ ᠤᠳᠤ ᠥᠨᠳᠡᠭᠡᠯᠡᠬᠦ ᠤᠷᠬᠢᠯ ᠤᠨ ᠦᠶ᠎ᠡ ᠪᠣᠯᠤᠯ᠎ᠠ᠂ ᠤᠳᠤ 200 ᠭᠠᠷᠤᠶ ᠥᠨᠳᠡᠭᠡᠨ ᠲᠠᠬᠢᠶ᠎ᠠ ᠦᠯᠡᠳᠡᠵᠦ ᠪᠠᠶᠢᠨ᠎ᠠ᠂ ᠡᠳᠦᠷ ᠪᠦᠷᠢ 130 — 140 ᠥᠨᠳᠡᠭᠡ ᠥᠨᠳᠡᠭᠡᠯᠡᠨ᠎ᠡ᠃︾ ᠭᠡᠵᠦ ᠵᠧᠦ ᠠᠢ ᠴᠢᠨ ᠰᠤᠷᠪᠤᠯᠵᠢᠯᠠᠭᠴᠢ ᠳᠤ ᠬᠡᠯᠡᠪᠡ᠃    ᠵᠧᠦ ᠠᠶ ᠴᠢᠨ ᠪᠣᠯ ᠨᠢᠭᠡᠨ ᠪᠣᠷᠣᠭᠵᠢᠭᠤᠨ ᠪᠥᠭᠡᠳ ᠡᠭᠡᠯ ᠵᠢᠷ ᠤᠨ ᠭᠡᠷ ᠪᠦᠯᠢ ᠶᠢᠨ ᠡᠮᠡᠭᠲᠡᠶ ᠮᠥᠷᠲᠡᠭᠡᠨ ᠠᠵᠢᠯᠴᠢ ᠬᠥᠳᠡᠯᠮᠦᠷᠢᠴᠢ ᠠᠳᠠᠯ ᠪᠣᠰᠬᠠᠭᠴᠢᠳ ᠶᠤᠮ᠃ 2013 ᠣᠨ ᠳᠤ᠂ ᠵᠦᠭᠡᠷ ᠰᠠᠭᠤᠵᠤ ᠳᠡᠶᠢᠯᠦᠭᠰᠡᠨ ᠥᠬᠡᠶ ᠵᠧᠤ ᠠᠶ ᠴᠢᠨ ᠲᠠᠬᠢᠶ᠎ᠠ ᠲᠡᠵᠢᠭᠡᠬᠦ ᠠᠵᠢᠯ ᠲᠥᠷᠥᠯ ᠤᠨ ᠪᠠᠯᠠ ᠣᠷᠣᠭᠤᠯᠤᠯᠲᠠ ᠪᠠᠭ᠎ᠠ᠂ ᠪᠣᠱᠤᠭ᠎ᠠ ᠳᠣᠤᠷ᠎ᠠ᠂ ᠦᠶᠡᠯᠡᠯ ᠤᠨ ᠬᠤᠭᠤᠴᠠᠭ᠎ᠠ ᠣᠬᠤᠷ᠂ ᠣᠯᠠᠨ ᠨᠡᠶᠢᠲᠡ ᠶᠢᠨ ᠬᠡᠷᠡᠭᠯᠡᠭᠡᠨ ᠤ ᠳᠠᠪᠲᠠᠮᠵᠢ ᠥᠨᠳᠥᠷ᠂ ᠠᠩᠬᠠᠨ ᠤ ᠬᠤᠭᠤᠴᠠᠭᠠᠨ ᠳᠤ  ᠤᠶᠢᠯᠡᠰ ᠴᠣᠭᠴᠠᠯᠠᠬᠤ ᠳᠤ ᠳᠣᠭᠢᠷᠠᠬᠤ ᠶᠢ ᠮᠡᠳᠡᠭᠡᠳ ᠲᠠᠬᠢᠶ᠎ᠠ ᠲᠡᠵᠢᠭᠡᠬᠦ ᠪᠠᠷ ᠲᠣᠭᠲᠠᠵᠠᠶ᠃ ᠠᠳᠠᠯ ᠪᠣᠰᠬᠠᠬᠤ ᠳᠤ ᠶᠡᠷᠦ ᠨᠢ ᠡᠯᠳᠡᠪ ᠵᠦᠢᠯ ᠤᠨ ᠬᠦᠴᠢᠷ ᠪᠡᠷᠬᠡᠰᠢᠶᠡᠯ ᠢᠶᠠᠷ ᠳᠦᠭᠦᠷᠴᠦ᠂ ᠡᠬᠢᠯᠡᠭᠡᠳ ᠪᠣᠷᠣᠯᠠᠭᠤᠯᠭ᠎ᠠ ᠶᠢᠨ ᠵᠠᠮ ᠢ ᠨᠡᠭᠡᠭᠡᠵᠦ ᠳᠡᠶᠢᠯᠬᠦ ᠦᠭᠡᠢ ᠪᠣᠯᠬᠤᠷ᠂ ᠶᠡᠭᠡ ᠬᠡᠮᠵᠢᠶᠡᠨ ᠤ ᠮᠢᠬ᠎ᠠ ᠲᠠᠢ ᠲᠠᠬᠢᠶ᠎ᠠ ᠶᠢ ᠪᠣᠷᠣᠯᠠᠭᠤᠯᠵᠤ ᠳᠡᠶᠢᠯᠬᠦ ᠦᠭᠡᠢ ᠪᠣᠯᠬᠤᠷ᠂ ᠬᠠᠮᠤᠭ ᠰᠡᠭᠦᠯ ᠳᠤ ᠵᠥᠪᠬᠡᠨ ᠵᠣᠭᠤᠰ ᠠᠯᠳᠠᠵᠤ ᠰᠢᠶ᠋ᠳᠪᠦᠷᠢᠯᠡᠨ᠎ᠡ᠃ ᠵᠣᠭᠤᠰ ᠢᠶᠠᠨ ᠠᠯᠳᠠᠭᠰᠠᠨ ᠵᠧᠦ ᠠᠶ ᠴᠢᠨ ᠶᠡᠷᠦ ᠤᠷᠬᠢᠭ᠎ᠠ ᠦᠭᠡᠢ᠂ ᠡᠨᠡ 10 ᠵᠢᠯ ᠤᠨ ᠬᠤᠭᠤᠴᠠᠭᠠᠨ ᠳᠤ ᠲᠡᠷᠡ ᠵᠠᠬ᠎ᠠ ᠳᠡᠯᠭᠡᠭᠦᠷ ᠢ ᠲᠠᠰᠤᠷᠠᠯᠲᠠ ᠦᠭᠡᠢ ᠰᠢᠨᠵᠢᠯᠡᠨ ᠪᠠᠶᠢᠴᠠᠭᠠᠵᠤ᠂ ᠲᠤᠷᠰᠢᠯᠭ᠎ᠠ ᠰᠤᠷᠤᠯᠴᠠᠬᠤ ᠶᠢᠨ ᠬᠠᠮᠲᠤ ᠬᠡᠪᠴᠢᠶ᠎ᠡ ᠪᠠᠨ ᠥᠷᠭᠡᠳᠬᠡᠵᠦ᠂ ᠬᠠᠮᠤᠭ ᠠᠩᠬᠠᠨ ᠤ ᠬᠡᠳᠦᠨ ᠵᠠᠭᠤᠨ ᠲᠠᠬᠢᠶ᠎ᠠ ᠪᠠᠶᠢᠭᠰᠠᠨ ᠠᠴᠠ ᠪᠠᠨ ᠣᠳᠣ ᠲᠦᠮᠡ ᠭᠠᠷᠤᠶ ᠲᠠᠬᠢᠶ᠎ᠠ ᠪᠣᠯᠤᠨ ᠨᠡᠮᠡᠭᠳᠡᠵᠡᠶ᠃ ᠡᠨᠡ ᠦᠶ᠎ᠡ ᠳᠤ ᠲᠡᠷᠡ ᠵᠠᠬ᠎ᠠ ᠳᠡᠯᠭᠡᠭᠦᠷ ᠢ ᠲᠠᠰᠤᠷᠠᠯᠲᠠ ᠦᠭᠡᠢ ᠰᠢᠨᠵᠢᠯᠡᠨ ᠪᠠᠶᠢᠴᠠᠭᠠᠵᠤ᠂ ᠲᠤᠷᠰᠢᠯᠭ᠎ᠠ ᠰᠤᠷᠤᠯᠴᠠᠬᠤ ᠶᠢᠨ ᠬᠠᠮᠲᠤ ᠬᠡᠪᠴᠢᠶ᠎ᠡ ᠪᠠᠨ ᠥᠷᠭᠡᠳᠬᠡᠵᠦ᠂ ᠬᠠᠮᠤᠭ ᠠᠩᠬᠠᠨ ᠤ ᠬᠡᠳᠦᠨ ᠵᠠᠭᠤᠨ ᠲᠠᠬᠢᠶ᠎ᠠ ᠪᠠᠶᠢᠭᠰᠠᠨ ᠠᠴᠠ ᠪᠠᠨ ᠣᠳᠣ ᠲᠦᠮᠡ ᠭᠠᠷᠤᠶ ᠲᠠᠬᠢᠶ᠎ᠠ ᠪᠣᠯᠤᠨ ᠨᠡᠮᠡᠭᠳᠡᠵᠡᠶ᠃ ᠵᠧᠤ ᠠᠶ ᠴᠢᠨ ᠭᠤᠣᠯᠳᠠᠭᠤ ᠪᠣᠬᠢᠷᠲᠤᠯ ᠦᠭᠡᠶ ᠠᠮᠢ ᠠᠬᠤᠶ ᠶᠢᠨ ᠫᠠᠶᠢᠰᠠ ᠶᠢ ᠡᠷᠭᠦᠵᠦ᠂ ᠲᠡᠵᠢᠭᠡᠨ ᠦᠷᠡᠵᠢᠭᠦᠯᠦᠭᠰᠡᠨ ᠡᠷᠡᠭᠴᠢᠨ ᠲᠠᠬᠢᠶ᠎ᠠ ᠪᠠ ᠥᠨᠳᠡᠭᠡᠨ ᠲᠠᠬᠢᠶ᠎ᠠ ᠳᠤ ᠨᠣᠭᠤᠭᠠᠨ ᠨᠠᠪᠴᠢᠲᠤ ᠨᠣᠭᠤᠭ᠎ᠠ᠂ ᠡᠷᠳᠡᠨᠢ ᠰᠢᠰᠢ᠂ ᠬᠡᠪᠡᠭ ᠯᠡ ᠢᠳᠡᠭᠦᠯᠳᠡᠭ᠂ ᠢᠩᠭᠢᠵᠦ ᠲᠡᠵᠢᠭᠡᠨ ᠦᠷᠡᠵᠢᠭᠦᠯᠦᠭᠰᠡᠨ ᠲᠠᠬᠢᠶᠠᠨ ᠮᠢᠬ᠎ᠠ ᠨᠢ ᠨᠠᠷᠢᠯᠢᠭ᠂ ᠠᠮᠲᠠ ᠨᠢ ᠰᠠᠶᠢᠨ᠂ ᠡᠷᠡᠭᠴᠢᠨ ᠲᠠᠬᠢᠶ᠎ᠠ ᠨᠢᠭᠡᠪᠦᠷᠢ ᠨᠢ 6 ᠵᠢᠩ ᠣᠷᠴᠢᠮ ᠪᠠᠶᠢᠵᠤ᠂ ᠵᠠᠬ᠎ᠠ ᠳᠡᠯᠭᠡᠭᠦᠷ ᠤᠨ ᠦᠨ᠎ᠡ ᠨᠢ ᠵᠢᠩ ᠪᠦᠷᠢ ᠳᠡᠭᠡᠨ 22 ᠲᠥᠭᠦᠷᠢᠭ ᠪᠠᠶᠢᠵᠤ᠂ ᠵᠠᠬ᠎ᠠ ᠳᠡᠯᠭᠡᠭᠦᠷ ᠤᠨ ᠬᠠᠩᠭᠠᠯᠭ᠎ᠠ ᠨᠢ ᠬᠡᠷᠡᠭᠴᠡᠭᠡ ᠳᠡᠭᠡᠨ ᠬᠦᠷᠬᠦ ᠦᠭᠡᠶ ᠪᠣᠯᠬᠤᠷ ᠬᠡᠷᠡᠭᠯᠡᠭᠴᠢᠳ ᠤᠨ ᠬᠦᠷᠢᠶᠡᠯᠡᠯ ᠢ ᠶᠡᠬᠡᠳᠡ ᠣᠯᠵᠤ ᠪᠠᠶᠢᠨ᠎ᠠ᠃    ᠵᠧᠦ ᠠᠶ ᠴᠢᠨ    ᠮᠢᠨᠦ ᠠᠳᠡᠬᠢ ᠶᠢᠨ ᠲᠠᠬᠢᠶ᠎ᠠ ᠨᠣᠭᠤᠭᠠᠨ ᠦᠩᠭᠡ ᠲᠠᠢ ᠭᠡᠳᠡᠭ ᠢ ᠬᠥᠮᠦᠰ ᠪᠦᠷ ᠮᠡᠳᠡᠨ᠎ᠡ᠂ ᠡᠨᠡ ᠨᠣᠭᠤᠭᠠᠨ ᠦᠩᠭᠡ ᠲᠠᠢ ᠲᠠᠬᠢᠶᠠᠨ ᠥᠨᠳᠡᠭᠡ᠂ ᠨᠣᠭᠤᠭᠠᠨ ᠦᠩᠭᠡ ᠲᠠᠢ ᠪᠢᠳᠠᠭᠤ ᠲᠠᠬᠢᠶ᠎ᠠ ᠶᠢ ᠢᠳᠡᠬᠦ ᠳᠤᠷᠠᠲᠠᠶ᠂ ᠲᠡᠵᠢᠭᠡᠨ ᠦᠷᠡᠵᠢᠭᠦᠯᠦᠭᠰᠡᠨ ᠣᠷᠣᠯᠭ᠎ᠠ ᠴᠤ ᠪᠣᠯᠤᠨ᠎ᠠ᠂ ᠡᠨᠡ ᠵᠢᠯ ᠠᠴᠠ ᠡᠬᠢᠯᠡᠭᠡᠳ ᠲᠦᠮᠡ ᠭᠠᠷᠤᠶ ᠲᠠᠬᠢᠶ᠎ᠠ ᠪᠤᠶᠢᠵᠢᠭᠤᠯᠵᠠᠶ᠂ ᠤᠳᠤ ᠬᠤᠳᠠᠯᠳᠤᠵᠤ ᠪᠠᠶᠢᠭ᠎ᠠ ᠲᠠᠬᠢᠶ᠎ᠠ ᠪᠠᠰᠠ ᠠᠷᠪᠢᠨ ᠦᠭᠡᠢ ᠪᠣᠯᠵᠠᠶ᠂ ᠡᠷᠡᠭᠴᠢᠨ ᠲᠠᠬᠢᠶ᠎ᠠ 700 ᠭᠠᠷᠤᠶ ᠦᠯᠡᠳᠡᠵᠡᠶ᠂ ᠥᠨᠳᠡᠭᠡᠨ ᠲᠠᠬᠢᠶ᠎ᠠ 200 ᠭᠠᠷᠤᠶ ᠦᠯᠡᠳᠡᠵᠡᠶ᠂ ᠨᠢᠭᠡ ᠵᠢᠯ ᠳᠤ ᠪᠤᠳᠤᠪᠠᠯ ᠲᠤᠯᠤᠭ᠎ᠠ ᠨᠠᠢᠮᠠᠨ ᠲᠦᠮᠡᠨ ᠲᠥᠭᠦᠷᠢᠭ ᠤᠨ ᠣᠷᠣᠯᠭ᠎ᠠ ᠣᠯᠤᠨ᠎ᠠ᠂ ᠶᠡᠭᠡ ᠰᠠᠶᠢᠨ᠃    ᠪᠠᠷᠢᠮᠲᠠᠯᠠᠬᠤ ᠪᠠ ᠲᠡᠮᠡᠴᠡᠬᠦ ᠶᠠᠪᠤᠴᠠ ᠳᠠᠭᠠᠨ ᠵᠧᠦ ᠠᠶ ᠴᠢᠨ ︽ᠲᠠᠬᠢᠶ᠎ᠠ︾ ᠶᠢᠨ ᠤᠴᠠᠷᠠᠯ ᠢ ᠠᠳᠬᠤᠨ ᠠᠪᠴᠤ ᠂ ᠥᠪᠡᠷ ᠤᠨ ᠪᠡᠶ᠎ᠡ ᠳᠡᠭᠡᠨ ᠬᠠᠷᠢᠶᠠᠯᠠᠭᠳᠠᠬᠤ ᠲᠡᠷᠡ ᠬᠦ ᠪᠠᠶᠠᠵᠢᠯ ᠤᠨ ᠡᠭᠦᠳᠡ ᠪᠠᠨ ᠠᠮᠵᠢᠯᠲᠠ ᠲᠠᠢ ᠪᠠᠷ ᠨᠡᠭᠡᠭᠡᠭᠰᠡᠨ ᠪᠠᠶᠢᠨ᠎ᠠ᠃ ᠥᠪᠡᠷ ᠢᠶᠠᠨ ᠪᠠᠶᠠᠵᠢᠨ ᠴᠢᠨᠡᠭᠡᠯᠢᠭᠵᠢᠬᠦ ᠶᠢᠨ ᠵᠡᠷᠭᠡ ᠪᠠᠷ ᠵᠧᠦ ᠠᠶ ᠴᠢᠨ ᠴᠦ ᠨᠤᠲᠤᠭ ᠤᠨ ᠠᠬ᠎ᠠ ᠳᠡᠭᠦᠦ ᠨᠡᠷ ᠢᠶᠠᠨ ᠬᠠᠪᠰᠤᠷᠬᠤ ᠪᠠᠨ ᠮᠠᠷᠲᠠᠭᠰᠠᠨ ᠦᠭᠡᠢ᠂ ᠲᠡᠷᠡ ᠰᠠᠨᠠᠭᠠᠴᠢᠯᠠᠭ᠎ᠠ ᠠᠴᠠ ᠪᠠᠨ ᠲᠠᠬᠢᠶ᠎ᠠ ᠲᠡᠵᠢᠭᠡᠬᠦ ᠡᠷᠦᠭᠡ ᠳᠤ ᠲᠡᠵᠢᠭᠡᠨ ᠦᠷᠡᠵᠢᠭᠦᠯᠬᠦ ᠲᠤᠷᠰᠢᠯᠭ᠎ᠠ ᠪᠠ ᠮᠡᠷᠭᠡᠵᠢᠯ ᠢ ᠤᠯᠠᠮᠵᠢᠯᠠᠵᠤ᠂ ᠲᠡᠭᠦᠨ ᠤ ᠲᠠᠭᠠᠭᠤᠯᠭ᠎ᠠ ᠪᠠᠷ ᠲᠣᠰᠬᠤᠨ ᠤ ᠲᠠᠬᠢᠶ᠎ᠠ ᠲᠡᠵᠢᠭᠡᠬᠦ ᠡᠷᠦᠭᠡ ᠤᠯᠠᠮ ᠢᠶᠠᠷ ᠣᠯᠠᠰᠢᠷᠠᠵᠤ᠂ ᠲᠡᠵᠢᠭᠡᠨ ᠦᠷᠡᠵᠢᠭᠦᠯᠬᠦ ᠬᠢᠷᠢ ᠬᠡᠮᠵᠢᠶ᠎ᠡ ᠨᠢ ᠴᠦ ᠤᠯᠠᠮ ᠢᠶᠠᠷ ᠳᠡᠭᠡᠭᠰᠢᠯᠡᠭᠰᠡᠨ ᠪᠠᠶᠢᠨ᠎ᠠ᠃ ᠡᠨᠡ ᠦᠶ᠎ᠡ ᠳᠤ ᠵᠧᠦ ᠠᠶ ᠴᠢᠨ ᠪᠠᠰᠠ ᠨᠤᠲᠤᠭ ᠤᠨ ᠠᠬ᠎ᠠ ᠳᠡᠭᠦᠦ ᠨᠡᠷ ᠢᠶᠠᠨ ᠬᠠᠪᠰᠤᠷᠬᠤ ᠪᠠᠨ ᠮᠠᠷᠲᠠᠭᠰᠠᠨ ᠦᠭᠡᠢ᠂ ᠰᠠᠨᠠᠭᠠᠴᠢᠯᠠᠭ᠎ᠠ ᠠᠴᠠ ᠪᠠᠨ ᠲᠠᠬᠢᠶ᠎ᠠ ᠲᠡᠵᠢᠭᠡᠬᠦ ᠡᠷᠦᠭᠡ ᠳᠤ ᠲᠡᠵᠢᠭᠡᠨ ᠦᠷᠡᠵᠢᠭᠦᠯᠬᠦ ᠲᠤᠷᠰᠢᠯᠭ᠎ᠠ ᠪᠠ ᠮᠡᠷᠭᠡᠵᠢᠯ ᠢᠶᠠᠨ ᠤᠯᠠᠮᠵᠢᠯᠠᠵᠠᠶ᠃ ᠬᠤᠶᠢᠰᠢᠳᠠ ᠶᠢᠨ ᠬᠥᠭᠵᠢᠯᠲᠡ ᠶᠢ ᠳᠤᠷᠠᠳᠬᠤ ᠳᠤ᠂ ᠵᠧᠦ ᠠᠢ ᠴᠢᠨ ᠲᠡᠵᠢᠭᠡᠨ ᠦᠷᠡᠵᠢᠭᠦᠯᠬᠦ  ᠬᠡᠪᠴᠢᠶ᠎ᠡ ᠪᠠᠨ ᠥᠷᠭᠡᠳᠬᠡᠵᠦ᠂ ᠰᠠᠷ᠎ᠠ ᠪᠦᠷᠢ ᠲᠠᠬᠢᠶ᠎ᠠ ᠭᠠᠷᠭᠠᠬᠤ ᠶᠢᠨ ᠬᠠᠮᠲᠤ ᠲᠡᠵᠢᠭᠡᠨ ᠦᠷᠡᠵᠢᠭᠦᠯᠬᠦ ᠬᠤᠷᠰᠢᠶ᠎ᠠ ᠪᠠᠶᠢᠭᠤᠯᠵᠤ᠂ ᠥᠪᠡᠷ ᠤᠨ ᠨᠡᠷᠡᠳᠦ ᠲᠡᠮᠳᠡᠭ ᠢᠶᠠᠨ ᠭᠠᠷᠭᠠᠬᠤ ᠪᠠᠷ ᠲᠥᠯᠥᠪᠯᠡᠵᠦ ᠪᠤᠢ᠃                                       ᠨᠠᠶᠢᠷᠠᠭᠤᠯᠤᠭᠴᠢ᠄  ᠯᠢ ᠬᠤᠩ ᠢᠦᠢ                                         ᠤᠷᠴᠢᠭᠤᠯᠤᠭᠴᠢ᠄   ᠼᠦᠢ ᠴᠢᠩ
 
ᠢᠷᠡᠯᠲᠡ᠄ ᠠᠮᠢᠵᠢᠷᠠᠯ  ᠪᠢᠯᠬᠠᠭᠰᠠᠨ ᠯᠢᠶᠠᠩᠴᠧᠩ  ᠤᠨ ᠬᠢᠳᠡᠳ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19002733号-2