ᠲᠣᠰᠬᠤᠨ ᠤ ᠨᠠᠮ ᠤᠨ ᠵᠣᠬᠢᠶᠠᠨ ᠪᠠᠶᠢᠭᠤᠯᠤᠯᠲᠠ ᠶᠢᠨ ᠱᠦᠵᠢ ᠶᠢᠨ ᠬᠥᠳᠡᠭᠡ ᠲᠣᠰᠬᠤᠨ ᠢ ᠬᠥᠭᠵᠢᠭᠦᠯᠦᠨ | ᠮᠠᠨᠳᠤᠭᠤᠯᠬᠤ ᠶᠠᠪᠤᠴᠠ ᠳᠠᠬᠢ ᠵᠢᠱᠢᠶ᠎ᠡ ᠦᠵᠡᠭᠦᠯᠵᠦ ᠬᠦᠳᠦᠯᠦᠨ ᠳᠠᠭᠠᠭᠤᠯᠬᠤ ᠦᠢᠯᠡᠳᠦᠯ ᠢ ᠭᠦᠢᠴᠡᠳ | ᠪᠠᠳᠠᠷᠠᠭᠤᠯᠵᠤ᠂ ᠥᠷᠭᠡᠨ ᠤᠯᠠᠨ ᠦᠨᠳᠦᠰᠦᠨ ᠱᠠᠲᠤᠨ ᠤ ᠨᠠᠮ ᠤᠨ ᠭᠡᠰᠢᠭᠦᠨ ᠺᠠᠳ᠋ᠷᠴᠤᠳ ᠤᠨ ᠠᠵᠢᠯ ᠬᠢᠵᠦ | ᠦᠢᠯᠡᠰ ᠪᠤᠰᠬᠠᠬᠤ᠂ ᠬᠠᠷᠢᠭᠤᠴᠠᠯᠭ᠎ᠠ ᠡᠭᠦᠷᠭᠡᠯᠡᠨ ᠠᠵᠢᠯ ᠦᠢᠯᠡᠰ ᠪᠦᠲᠦᠭᠡᠬᠦ ᠶᠢ ᠤᠷᠮᠠᠰᠢᠭᠤᠯᠤᠨ ᠵᠢᠯᠣᠭᠤᠳᠴᠤ᠂ | ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ︽ᠲᠠᠭᠠᠭᠤᠯᠤᠬᠴᠢ ᠭᠠᠯᠠᠭᠤ︾ ᠶᠢᠨ ᠦᠢᠯᠡᠳᠦᠯ ᠢ | ᠪᠠᠳᠠᠷᠠᠭᠤᠯᠬᠤ ᠶᠢᠨ ᠲᠥᠯᠥᠭᠡ᠂ 6 ᠰᠠᠷ᠎ᠠ ᠶᠢᠨ 21 ᠤ ᠡᠳᠦᠷ᠂ ᠮᠠᠩᠬᠠᠨ ᠪᠠᠯᠭᠠᠰᠤ ᠶᠢᠨ ᠬᠢᠨ ᠲᠣᠰᠬᠤᠨ ᠤ | ᠨᠠᠮ ᠤᠨ ᠵᠣᠬᠢᠶᠠᠨ ᠪᠠᠶᠢᠭᠤᠯᠤᠯᠲᠠ ᠶᠢᠨ ᠱᠦᠵᠢ ᠶᠢᠨ ᠨᠠᠮ ᠤᠨ ᠪᠠᠶᠢᠭᠤᠯᠤᠯᠲᠠ ᠶᠢ ᠠᠳᠬᠤᠵᠤ ᠬᠥᠳᠡᠭᠡ | ᠲᠣᠰᠬᠤᠨ ᠢ ᠬᠥᠭᠵᠢᠭᠦᠯᠦᠨ ᠮᠠᠨᠳᠤᠭᠤᠯᠬᠤ ᠶᠢ ᠠᠬᠢᠭᠤᠯᠬᠤ ᠵᠢᠴᠢ ︽ᠤᠯᠠᠨ ᠢᠶᠠᠷ ᠢᠶᠠᠨ ᠠᠳᠠᠯᠢᠳᠬᠠᠬᠤ︾ | ᠲᠡᠷᠢᠭᠦᠨ ᠤ ᠬᠢ ᠶᠢ ᠡᠭᠦᠳᠴᠦ ᠰᠢᠯᠢᠳᠡᠭ ᠪᠣᠯᠬᠤ ᠪᠠᠷ ᠴᠢᠷᠮᠠᠶᠢᠬᠤ ᠤᠷᠤᠯᠳᠤᠭᠠᠨ ᠤ ᠲᠠᠶᠢᠰᠠᠨ ᠳᠤ ᠮᠥᠷᠦ᠋ᠢᠴᠡᠬᠦ | ᠠᠵᠢᠯᠯᠠᠭ᠎ᠠ ᠥᠷᠨᠢᠭᠦᠯᠪᠡ᠃ | | | | | ᠠᠵᠢᠯᠯᠠᠭ᠎ᠠ ᠶᠢᠨ ᠲᠤᠬᠠᠶ ᠶᠢᠨ ᠲᠠᠯᠠᠪᠠᠶ᠂ 18 ᠲᠣᠰᠬᠤᠨ ᠤ ᠨᠠᠮ ᠤᠨ ᠡᠭᠦᠷ ᠤᠨ ᠱᠦᠵᠢ ᠳᠠᠷᠠᠭᠠᠯᠠᠨ | ᠲᠠᠶᠢᠰᠠᠨ ᠳᠤ ᠭᠠᠷᠴᠤ᠂ ᠲᠤᠰ ᠪᠡᠶ᠎ᠡ ᠶᠢᠨ ᠠᠵᠢᠯ ᠲᠠᠢ ᠪᠠᠨ ᠤᠶᠠᠯᠳᠤᠭᠤᠯᠤᠨ᠂ ᠲᠣᠰᠬᠤᠨ ᠤ ᠪᠠᠶᠢᠳᠠᠯ ᠠᠷᠠᠳ ᠤᠨ | ᠪᠠᠶᠢᠳᠠᠯ ᠳᠤ ᠰᠠᠭᠤᠷᠢᠯᠠᠵᠤ᠂ ︽ᠲᠤᠬᠠᠶ ᠶᠢᠨ ᠲᠠᠯᠠᠪᠠᠶ ᠶᠢᠨ ᠬᠠᠷᠢᠭᠤ ᠮᠡᠳᠡᠭᠦᠯᠦᠯᠲᠡ + PPT ᠦᠵᠡᠭᠦᠯᠦᠯᠭᠡ︾ | ᠶᠢᠨ ᠬᠡᠯᠪᠡᠷᠢ ᠪᠠᠷ ᠳᠠᠮᠵᠢᠭᠤᠯᠤᠨ᠂ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ | ᠣᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭ᠎ᠠ ᠪᠣᠯᠤᠨ ᠨᠠᠮ ᠤᠨ ᠬᠤᠷᠢᠳᠤᠭᠠᠷ ᠶᠡᠭᠡ ᠬᠤᠷᠠᠯ ᠤᠨ ᠵᠣᠷᠢᠭ | ᠰᠠᠨᠠᠭ᠎ᠠ᠂ ᠭᠤᠣᠯ ᠠᠵᠢᠯ᠂ ᠦᠨᠳᠦᠰᠦᠨ ᠱᠠᠲᠤᠨ ᠤ ᠨᠠᠮ ᠤᠨ ᠪᠠᠶᠢᠭᠤᠯᠤᠯᠲᠠ ᠶᠢ ᠠᠬᠢᠭᠤᠯᠬᠤ᠂ ᠠᠷᠠᠳ ᠲᠤ | ᠪᠣᠳᠠᠲᠠᠢ ᠶᠠᠪᠤᠳᠠᠯ ᠬᠢᠬᠦ᠂ ᠬᠥᠳᠡᠭᠡ ᠲᠣᠰᠬᠤᠨ ᠤ ᠲᠠᠪᠤᠨ ᠶᠡᠭᠡ ᠬᠥᠭᠵᠢᠯ ᠮᠠᠨᠳᠤᠯ ᠤᠨ ᠲᠠᠯ᠎ᠠ ᠪᠠᠷ ᠬᠢᠯᠠᠰ ᠴᠡᠭ᠂ | ᠲᠤᠷᠰᠢᠯᠭ᠎ᠠ᠂ ᠠᠷᠭ᠎ᠠ ᠬᠢᠳᠡᠯ ᠢ ᠶᠠᠷᠢᠬᠤ᠂ ᠠᠵᠢᠯ ᠤᠨ ᠠᠮᠵᠢᠯᠲᠠ ᠶᠢ ᠲᠣᠳᠣᠷᠬᠠᠶᠢᠯᠠᠬᠤ ᠶᠢᠨ ᠲᠣᠭᠤᠷᠢᠨ ᠳᠤ ︽ | ᠠᠳᠠᠯᠢᠳᠬᠠᠬᠤ ᠪᠠᠷ ᠠᠵᠢᠯᠯᠠᠬᠤ ᠶᠢ ᠠᠬᠢᠭᠤᠯᠬᠤ᠂ ᠠᠳᠠᠯᠢᠳᠬᠠᠬᠤ ᠪᠠᠷ ᠰᠢᠯᠢᠳᠡᠭ ᠪᠣᠯᠬᠤ ᠪᠠᠷ ᠴᠢᠷᠮᠠᠶᠢᠬᠤ︾ | ᠨᠠᠮ ᠤᠨ ᠪᠠᠶᠢᠭᠤᠯᠤᠯᠲᠠ ᠶᠢ ᠠᠳᠬᠤᠵᠤ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠶᠢ ᠠᠬᠢᠭᠤᠯᠬᠤ | ᠰᠢᠨ᠎ᠡ ᠪᠠᠶᠢᠷᠢᠰᠢᠯ ᠢ ᠪᠦᠷᠢᠯᠳᠦᠭᠦᠯᠵᠦ᠂ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠶᠢ ᠪᠦᠬᠦ ᠲᠠᠯ᠎ᠠ ᠪᠠᠷ | ᠠᠬᠢᠭᠤᠯᠬᠤ ᠰᠢᠨ᠎ᠡ ᠥᠷᠨᠢᠯᠲᠡ ᠶᠢ ᠪᠤᠢ ᠪᠣᠯᠭᠠᠵᠤ᠂ ᠨᠠᠮ ᠤᠨ ᠪᠠᠶᠢᠭᠤᠯᠤᠯᠲᠠ ᠶᠢᠨ ᠬᠥᠳᠡᠭᠡ ᠲᠣᠰᠬᠤᠨ ᠢ | ᠬᠥᠭᠵᠢᠭᠦᠯᠦᠨ ᠮᠠᠨᠳᠤᠭᠤᠯᠬᠤ ᠶᠢ ᠬᠦᠳᠦᠯᠦᠨ ᠳᠠᠭᠠᠭᠤᠯᠬᠤ ︽ᠰᠢᠨ᠎ᠡ ᠬᠥᠳᠡᠯᠭᠡᠬᠦ ᠬᠦᠴᠦᠨ︾ ᠢ ᠪᠦᠲᠦᠮᠵᠢᠲᠡᠢ | ᠬᠥᠭᠵᠢᠭᠡᠬᠦ ᠬᠡᠷᠡᠭᠲᠡᠢ᠃ ᠲᠤᠬᠠᠢ ᠶᠢᠨ ᠲᠠᠯᠠᠪᠠᠢ ᠳᠤ ᠬᠤᠪᠢ ᠣᠯᠭᠤᠬᠤ ᠪᠠᠷ ᠳᠠᠮᠵᠢᠨ᠂ ᠬᠠᠮᠤᠭ ᠡᠴᠦᠰ ᠲᠤ ᠶᠢᠦ | ᠱᠧᠩ ᠲᠣᠰᠬᠤᠨ ᠤ ᠨᠠᠮ ᠤᠨ ᠡᠭᠦᠷ ᠤᠨ ᠱᠦᠵᠢ ᠶᠢ 4 ᠰᠣᠩᠭᠤᠨ ᠭᠠᠷᠭᠠᠵᠤ᠂ ᠲᠣᠰᠬᠤᠨ ᠤ ᠨᠠᠮ ᠤᠨ ᠵᠣᠬᠢᠶᠠᠨ | ᠪᠠᠶᠢᠭᠤᠯᠤᠯᠲᠠ ᠶᠢᠨ ᠺᠠᠳ᠋ᠷᠴᠤᠳ ᠤᠨ ᠠᠵᠢᠯ ᠬᠢᠵᠦ ᠦᠢᠯᠡᠰ ᠪᠤᠰᠬᠠᠬᠤ ᠤᠷᠮ᠎ᠠ ᠵᠣᠷᠢᠭ ᠢ ᠪᠦᠲᠦᠮᠵᠢᠲᠡᠢ | ᠬᠥᠭᠵᠢᠭᠡᠪᠡ᠃ | | | | | | | | ︽ᠭᠡᠷᠡᠯ ᠲᠠᠢ ᠡᠭᠡᠭᠡᠬᠦ ᠬᠠᠷᠢᠴᠠᠯ︾ ᠤᠨ ᠬᠡᠯᠪᠡᠷᠢ ᠪᠠᠷ ᠳᠠᠮᠵᠢᠭᠤᠯᠤᠨ᠂ ᠤᠷᠤᠯᠳᠤᠭᠠᠨ ᠢᠶᠠᠷ ᠺᠠᠳ᠋ᠷ ᠢ | ᠠᠬᠢᠭᠤᠯᠵᠤ᠂ ᠤᠷᠤᠯᠳᠤᠭᠠᠨ ᠢᠶᠠᠷ ᠰᠢᠯᠢᠳᠡᠭ ᠪᠣᠯᠬᠤ ᠪᠠᠷ ᠴᠢᠷᠮᠠᠶᠢᠵᠤ᠂ ᠠᠮᠵᠢᠯᠲᠠ ᠪᠠᠨ ᠠᠳᠠᠯᠢᠳᠬᠠᠵᠤ᠂ | ᠵᠦᠷᠢᠶ᠎ᠡ ᠪᠠᠨ ᠡᠷᠢᠵᠦ᠂ ᠠᠵᠢᠯ ᠤᠨ ᠰᠡᠳᠬᠢᠴᠡ ᠪᠠᠨ ᠪᠦᠬᠦ ᠲᠠᠯ᠎ᠠ ᠪᠠᠷ ᠡᠮᠬᠢᠯᠡᠵᠦ᠂ ᠲᠣᠰᠬᠤᠨ ᠤ ᠨᠠᠮ ᠤᠨ | ᠵᠣᠬᠢᠶᠠᠨ ᠪᠠᠶᠢᠭᠤᠯᠤᠯᠲᠠ ᠶᠢᠨ ᠱᠦᠵᠢ᠂ ᠦᠨᠳᠦᠰᠦᠨ ᠱᠠᠲᠤᠨ ᠤ ᠺᠠᠳ᠋ᠷᠴᠤᠳ ᠤᠨ ᠡᠭᠦᠷᠭᠡ ᠲᠤᠰᠢᠶᠠᠯ ᠢᠶᠠᠨ | ᠭᠦᠢᠴᠡᠳᠬᠡᠬᠦ ᠴᠢᠳᠠᠪᠤᠷᠢ᠂ ᠠᠵᠢᠯ ᠬᠢᠵᠦ ᠦᠢᠯᠡᠰ ᠪᠤᠰᠬᠠᠬᠤ ᠴᠢᠳᠠᠪᠤᠷᠢ ᠶᠢ ᠴᠢᠨᠠᠭᠰᠢᠳᠠ ᠳᠡᠭᠡᠭᠰᠢᠯᠡᠭᠦᠯᠵᠦ᠂ | ᠦᠨᠳᠦᠰᠦᠨ ᠱᠠᠲᠤᠨ ᠤ ᠨᠠᠮ ᠤᠨ ᠵᠣᠬᠢᠶᠠᠨ ᠪᠠᠶᠢᠭᠤᠯᠤᠯᠲᠠ ᠶᠢᠨ ᠡᠯ᠎ᠡ ᠵᠦᠢᠯ ᠤᠨ ᠦᠢᠯᠡᠰ ᠤᠨ ᠶᠠᠰᠤ ᠴᠢᠨᠠᠷ ᠢ | ᠳᠡᠭᠡᠭᠰᠢᠯᠡᠭᠦᠯᠵᠦ ᠦᠷ᠎ᠡ ᠠᠰᠢᠭ ᠢ ᠨᠡᠮᠡᠭᠳᠡᠭᠦᠯᠬᠦ ᠶᠢ ᠠᠬᠢᠭᠤᠯᠵᠤ᠂ ᠬᠥᠳᠡᠭᠡ ᠲᠣᠰᠬᠤᠨ ᠢ ᠬᠥᠭᠵᠢᠭᠦᠯᠦᠨ | ᠮᠠᠨᠳᠤᠭᠤᠯᠬᠤ ᠳᠤ ᠠᠮᠢᠵᠢᠷᠠᠯ ᠤᠨ ᠬᠦᠴᠦᠨ ᠪᠠ ᠬᠦᠴᠦᠷᠬᠡᠭ ᠶᠡᠭᠡ ᠬᠥᠳᠡᠯᠭᠡᠬᠦ ᠬᠦᠴᠦᠨ ᠨᠡᠮᠡᠷᠢᠯᠡᠵᠦ᠂ ︽ | ᠲᠦᠷᠦᠭᠦᠦ ᠭᠠᠯᠠᠭᠤ︾ ᠳᠠᠭᠠᠭᠤᠯᠤᠨ ᠨᠢᠰᠬᠦ᠂ ︽ᠤᠯᠠᠨ ᠭᠠᠯᠠᠭᠤ︾ ᠶᠢ ᠲᠠᠭᠠᠨ ᠤᠷᠤᠭᠰᠢᠯᠠᠬᠤ ᠰᠠᠶᠢᠨ ᠰᠠᠶᠢᠬᠠᠨ | ᠠᠵᠢᠯ ᠤᠨ ᠪᠠᠶᠢᠳᠠᠯ ᠢ ᠪᠦᠷᠢᠯᠳᠦᠭᠦᠯᠬᠦ ᠳᠤ ᠰᠠᠭᠤᠷᠢ ᠲᠠᠯᠪᠢᠵᠤ ᠥᠭᠴᠡᠢ᠃ | | ᠨᠠᠶᠢᠷᠠᠭᠤᠯᠤᠭᠴᠢ᠄ ᠶᠠᠩ ᠿᠦᠢ ᠵᠧᠨ | ᠤᠷᠴᠢᠭᠤᠯᠤᠭᠴᠢ ᠄ ᠼᠦᠢ ᠴᠢᠩ |