ᠯᠢᠶᠠᠩᠴᠧᠩ ᠰᠢᠶᠠᠨ᠄ ᠰᠣᠶᠣᠯ ‍ᠤᠨ‌ᠥᠩᠭᠡ ᠦᠵᠡᠮᠵᠢ ᠭᠦᠨ ᠵᠤᠵᠠᠭᠠᠨ ᠂ ᠵᠤᠭᠠᠴᠠᠬᠤ ᠪᠠ ᠰᠤᠷᠤᠯᠴᠠᠬᠤ ᠶᠢ ᠪᠡᠶᠡᠴᠢᠯᠡᠨ ᠣᠶᠢᠯᠠᠭᠠᠬᠤ ᠰᠠᠶᠢᠨ ᠭᠠᠵᠠᠷ
ᠨᠡᠶᠢᠲᠡᠯᠡᠭᠰᠡᠨ ᠴᠠᠭ᠄
2023/7/20
    ᠲᠤᠯᠤᠭᠠᠨ ᠰᠠᠷ᠎ᠠ ᠶᠢᠨ ᠯᠢᠶᠠᠩᠴᠧᠩ᠂ ᠬᠦᠬᠡ ᠲᠩᠷᠢ ᠤᠰᠤ ᠴᠡᠯᠮᠡᠭ᠂ ᠡᠪᠡᠰᠦ ᠪᠡᠯᠴᠢᠭᠡᠷ ᠬᠥᠬᠡᠷᠡᠨ ᠨᠣᠭᠤᠭᠠᠷᠠᠵᠤ᠂ ᠠᠭᠤᠯᠠ ᠬᠠᠶᠢᠷᠬᠠᠨ᠂ ᠭᠤᠣᠯ ᠮᠥᠷᠡᠨ᠂ ᠦᠬᠡᠷ ᠬᠤᠨᠢ ᠲᠠᠢ ᠬᠠᠮᠲᠤᠪᠠᠷ ᠦᠵᠡᠰᠬᠦᠯᠡᠩᠲᠦ ᠰᠠᠶᠢᠬᠠᠨ ᠪᠠᠶᠢᠭᠠᠯᠢ ᠶᠢᠨ ᠠᠮᠢ ᠠᠬᠤᠢ ᠶᠢᠨ ᠵᠢᠷᠤᠭ ᠳᠦᠷᠰᠦ ᠶᠢ ᠪᠦᠷᠢᠯᠳᠦᠭᠦᠯᠵᠡᠢ᠃ ᠤᠢᠢᠷ᠎ᠠ ᠳᠤ᠂ ᠱᠠᠩᠬᠠᠢ᠂ ᠬᠠᠩᠵᠧᠦ ᠠᠴᠠ ᠢᠷᠡᠭᠰᠡᠨ ᠨᠢᠭᠡ ᠪᠦᠯᠦᠭ ᠪᠠᠭᠰᠢ᠂ ᠭᠡᠷ ᠤᠨ ᠠᠬᠠᠮᠠᠳ ᠪᠣᠯᠤᠨ ᠰᠤᠷᠤᠭᠴᠢᠳ ᠲᠤᠰᠬᠠᠶᠢᠯᠠᠨ ᠯᠢᠶᠠᠩᠴᠧᠩ ᠰᠢᠶᠠᠨ ᠳᠤ ᠬᠦᠷᠴᠦ ᠵᠤᠭᠠᠴᠠᠨ ᠰᠤᠷᠤᠯᠴᠠᠬᠤ ᠵᠤᠰᠠᠯᠠᠩ ᠤᠨ ᠠᠵᠢᠯᠯᠠᠭ᠎ᠠ ᠥᠷᠨᠢᠭᠦᠯᠵᠦ᠂ ᠭᠤᠶᠤ ᠰᠠᠶᠢᠬᠠᠨ ᠪᠠᠶᠢᠭᠠᠯᠢ ᠶᠢᠨ ᠦᠵᠡᠮᠵᠢ ᠪᠠᠷ ᠤᠯᠠᠨ ᠢ ᠰᠠᠨᠠᠭᠠᠯᠵᠠᠭᠤᠯᠵᠤ᠂ ᠲᠡᠳᠡ ᠬᠤᠪᠢᠰᠬᠠᠯ ᠤᠨ ᠰᠣᠶᠣᠯ ᠢ ᠮᠡᠳᠡᠷᠡᠵᠦ ᠂ ᠠᠮᠢ ᠠᠬᠤᠢ ᠶᠢᠨ ᠪᠠᠶᠢᠭᠠᠯᠢ ᠲᠠᠢ ᠣᠶᠢᠷᠠᠲᠤᠵᠤ᠂ ᠲᠤᠬᠠᠢ ᠶᠢᠨ ᠭᠠᠵᠠᠷ ᠤᠨ ᠣᠨᠴᠠᠯᠢᠭ ᠢ ᠣᠶᠢᠯᠠᠭᠠᠵᠤ᠂ ᠰᠢᠨᠵᠢᠯᠡᠬᠦ ᠤᠬᠠᠭᠠᠨ ᠢ ᠲᠦᠭᠡᠮᠡᠯᠵᠢᠭᠦᠯᠬᠦ ᠬᠥᠮᠦᠵᠢᠯ ᠢ ᠬᠦᠷᠳᠡᠵᠤ᠂ ᠠᠶᠠᠨ ᠵᠠᠮ ᠨᠢ ︽ᠠᠶᠠᠯᠠᠨ ᠶᠠᠪᠤᠬᠤ ᠬᠢᠴᠢᠶᠡᠯ ᠤᠨ ᠲᠠᠩᠬᠢᠮ︾ ᠪᠤᠯᠵᠤ ᠬᠤᠪᠢᠷᠠᠵᠠᠢ᠃
       ᠵᠢᠷᠭᠤᠭᠠᠨ ᠡᠳᠦᠷ ᠤᠨ ᠬᠤᠭᠤᠴᠠᠭᠠᠨ ᠳᠤ᠂ ᠭᠠᠳᠠᠭᠠᠳᠤ ᠳᠤ ᠰᠤᠷᠤᠯᠴᠠᠬᠤ ᠪᠦᠯᠬᠦᠮ ᠤᠨ ᠬᠢᠨ ᠤᠷᠢᠳ ᠬᠤᠵᠢᠳ ᠮᠢᠩ ᠤᠯᠤᠰ ᠤᠨ ᠣᠷᠳᠣ ᠴᠠᠭᠠᠨ ᠬᠡᠷᠡᠮ ᠳᠤ ᠶᠠᠪᠠᠭᠠᠨ ᠢᠶᠠᠷ ᠶᠠᠪᠤᠵᠤ᠂ ᠮᠣᠷᠢ ᠤᠨᠤᠵᠤ᠂ ᠮᠣᠳᠣᠨ ᠳᠤ ᠠᠪᠠᠷᠢᠬᠤ ᠶᠢᠨ ᠬᠠᠮᠲᠤ᠂ ᠪᠠᠰᠠ  ᠶᠤᠤᠮᠢᠶᠠᠨ ᠭᠤᠯᠢᠷ᠂ ᠪᠣᠭᠤᠷᠰᠤᠭ ᠵᠡᠷᠭᠡ ᠲᠤᠬᠠᠶ ᠶᠢᠨ ᠭᠠᠵᠠᠷ ᠤᠨ ᠣᠨᠴᠠᠯᠢᠭ ᠲᠠᠢ ᠣᠯᠠᠨ  ᠵᠤᠶᠢᠯ ᠤᠨ ᠠᠮᠲᠠᠲᠤ ᠢᠳᠡᠭᠡᠨ ᠢ  ᠤᠶᠢᠯᠡᠳᠬᠦ ᠶᠠᠪᠤᠴᠠ ᠶᠢ ᠪᠡᠶᠡᠴᠢᠯᠡᠨ ᠣᠶᠢᠯᠠᠭᠠᠪᠠ᠃ ᠬᠦᠷᠦᠭᠰᠡᠨ ᠭᠠᠵᠠᠷ ᠪᠣᠯᠭᠠᠨ ᠳᠤ ᠴᠥᠮ ᠡᠯ᠎ᠡ ᠦᠵᠡᠮᠵᠢ ᠶᠢᠨ ᠣᠷᠣᠨ ᠤ ᠣᠨᠴᠠᠯᠢᠭ ᠲᠠᠢ ᠪᠠᠨ ᠤᠶᠠᠯᠳᠤᠭᠤᠯᠤᠨ ︽ᠲᠤᠬᠠᠶ ᠶᠢᠨ ᠭᠠᠵᠠᠷ ᠲᠤᠨᠢ ᠲᠣᠬᠢᠷᠠᠭᠤᠯᠤᠨ ᠵᠢᠭᠠᠵᠤ︾᠂ ᠣᠯᠠᠨ ᠳᠤ ︽ᠵᠢᠭᠤᠯᠴᠢᠯᠠᠬᠤ︾ ᠪᠠᠶᠠᠷ ᠪᠠᠶᠠᠰᠤᠯ ᠢ ᠡᠳ᠋ᠯᠡᠭᠦᠯᠬᠦ ᠶᠢᠨ ᠬᠠᠮᠲᠤ᠂ ᠨᠠᠩ ᠴᠤ ᠥᠯᠥ ᠮᠡᠳᠡᠭᠴᠢ ᠪᠠᠷ ︽ᠰᠤᠷᠤᠯᠴᠠᠬᠤ︾ ᠲᠠᠯ᠎ᠠ ᠪᠠᠷ ᠡᠳᠦᠶ ᠲᠡᠳᠦᠶ ᠣᠯᠤᠯᠲᠠ ᠲᠠᠢ ᠪᠠᠶᠢᠳᠠᠭ᠃ ᠭᠡᠷ ᠤᠨ ᠠᠬᠠᠮᠠᠳ ᠪᠠ ᠬᠡᠦᠬᠡᠳ ᠤᠳ ᠤᠨ ᠬᠠᠮᠲᠤ ᠪᠠᠷ ᠵᠤᠭᠠᠴᠠᠬᠤ᠂ ᠬᠤᠭᠤᠯᠠ ᠬᠤᠨᠤᠭ ᠢᠶᠠᠨ ᠲᠥᠪᠯᠡᠷᠡᠭᠦᠯᠬᠦ ᠠᠷᠭ᠎ᠠ ᠮᠠᠶ᠋ᠢᠭ ᠢ ᠰᠤᠷᠤᠯᠴᠠᠯᠭ᠎ᠠ ᠪᠠ ᠵᠢᠭᠤᠯᠴᠢᠯᠠᠯ ᠤᠨ ᠥᠩᠭᠡᠷᠡᠯᠲᠡ ᠲᠠᠢ ᠤᠶᠠᠯᠳᠤᠭᠤᠯᠤᠭᠰᠠᠨ ᠰᠤᠷᠭᠠᠭᠤᠯᠢ ᠶᠢᠨ ᠭᠠᠳᠠᠨᠠᠬᠢ ᠰᠤᠷᠭᠠᠨ ᠬᠥᠮᠦᠵᠢᠯ ᠤᠨ ᠠᠵᠢᠯᠯᠠᠭ᠎ᠠ ᠨᠢ ᠭᠡᠷ ᠤᠨ ᠠᠬᠠᠮᠠᠳ ᠤᠨ ᠰᠠᠶᠢᠨ ᠦᠨᠡᠯᠡᠯᠲᠡ ᠶᠢ ᠣᠯᠵᠤ᠂ ᠲᠤᠰ ᠤᠳᠠᠭᠠᠨ ᠤ ᠰᠤᠳᠤᠯᠤᠨ ᠰᠤᠷᠤᠯᠴᠠᠬᠤ ᠵᠢᠭᠤᠯᠴᠢᠯᠠᠯ ᠤᠨ ᠠᠵᠢᠯᠯᠠᠭ᠎ᠠ ᠶᠢ ᠮᠠᠭᠲᠠᠨ ᠰᠠᠶᠢᠰᠢᠶᠠᠪᠠ᠃
   ᠬᠥᠳᠡᠯᠭᠡᠭᠡᠨ ᠳᠤ ᠣᠷᠣᠯᠴᠠᠭᠰᠠᠨ ᠪᠢᠴᠢᠬᠠᠨ ᠨᠠᠶᠢᠵᠠ ᠲᠠᠩ ᠰᠢ ᠷᠦᠢ᠄ ᠪᠢ ᠪᠣᠯ ᠨᠢᠩᠪᠦ᠋ᠸᠧ ᠶᠢᠨ ᠼᠢ ᠰᠢ ᠠᠴᠠ ᠢᠷᠡᠭᠰᠡᠨ ᠪᠠᠭ᠎ᠠ ᠰᠤᠷᠭᠠᠭᠤᠯᠢ ᠶᠢᠨ ᠰᠤᠷᠤᠭᠴᠢ᠂ ᠴᠢᠯᠥᠭᠡ ᠲᠠᠯᠪᠢᠭᠰᠠᠨ ᠤ ᠳᠠᠷᠠᠭ᠎ᠠ ᠪᠢ ᠯᠢᠶᠠᠩᠴᠧᠩ ᠳᠤ ᠢᠷᠡᠵᠦ ᠵᠤᠭᠠᠴᠠᠨ ᠰᠤᠷᠤᠯᠴᠠᠬᠤ ᠬᠥᠳᠡᠯᠭᠡᠭᠡᠨ ᠳᠤ ᠣᠷᠣᠯᠴᠠᠪᠠ᠂ ᠠᠳᠡ ᠵᠤᠭᠠᠴᠠᠨ ᠨᠠᠭᠠᠳᠬᠤ ᠵᠦᠢᠯ ᠮᠠᠰᠢ ᠤᠯᠠᠨ ᠂ ᠠᠭᠤᠷ ᠠᠮᠢᠰᠬᠤᠯ ᠴᠤ ᠰᠠᠶᠢᠨ᠂ ᠰᠠᠶ᠋ᠢᠬᠠᠨ ᠪᠢ ᠮᠣᠳᠣ ᠠᠪᠠᠷᠢᠬᠤ ᠵᠦᠢᠯ ᠢ ᠲᠤᠷᠰᠢᠵᠤ ᠦᠵᠡᠪᠡ᠂ ᠮᠠᠰᠢ ᠰᠡᠳᠡᠯᠲᠡ ᠲᠠᠢ ᠪᠥᠭᠡᠳ ᠰᠣᠨᠢᠷᠬᠠᠯᠲᠠᠢ ᠰᠠᠶᠢᠬᠠᠨ ᠭᠡᠵᠦ ᠬᠡᠯᠡᠪᠡ᠃ ᠭᠡᠵᠦ ᠬᠡᠯᠡᠪᠡ᠃ ᠭᠡᠵᠦ ᠶᠠᠷᠢᠨ᠎ᠠ᠃ ᠡᠨᠡ ᠬᠥᠳᠡᠯᠭᠡᠭᠡᠨ ᠳᠤ ᠣᠷᠣᠯᠴᠠᠭᠰᠠᠨ ᠪᠢᠴᠢᠬᠠᠨ ᠨᠠᠶᠢᠵᠠ ᠲᠠᠩ ᠰᠢ ᠷᠦᠢ᠄ ᠪᠢ ᠪᠣᠯ ᠨᠢᠩᠪᠦ᠋ᠸᠧ ᠶᠢᠨ ᠼᠢ ᠰᠢ ᠠᠴᠠ ᠢᠷᠡᠭᠰᠡᠨ ᠪᠠᠭ᠎ᠠ ᠰᠤᠷᠭᠠᠭᠤᠯᠢ ᠶᠢᠨ ᠰᠤᠷᠤᠭᠴᠢ᠂ ᠴᠢᠯᠥᠭᠡ ᠲᠠᠯᠪᠢᠭᠰᠠᠨ ᠤ ᠳᠠᠷᠠᠭ᠎ᠠ ᠯᠢᠶᠠᠩᠴᠧᠩ ᠳᠤ ᠵᠤᠭᠠᠴᠠᠨ ᠰᠤᠷᠤᠯᠴᠠᠬᠤ ᠬᠥᠳᠡᠯᠭᠡᠭᠡᠨ ᠳᠤ ᠣᠷᠣᠯᠴᠠᠪᠠ᠂ ᠠᠳᠡ ᠵᠤᠭᠠᠴᠠᠨ ᠨᠠᠭᠠᠳᠬᠤ ᠵᠦᠢᠯ ᠮᠠᠰᠢ ᠤᠯᠠᠨ᠃ ᠪᠢ ᠯᠢᠶᠠᠩᠴᠧᠩ ᠭᠡᠳᠡᠭ ᠡᠨᠡ ᠪᠢᠴᠢᠬᠠᠨ ᠰᠢᠶᠠᠨ ᠤ  ᠭᠠᠵᠠᠷ ᠢ ᠲᠣᠩ ᠲᠣᠭᠤᠨ᠎ᠠ᠃
   ᠤᠢᠢᠷ᠎ᠠ ᠶᠢᠨ ᠵᠢᠯ ᠠᠴᠠ᠂ ᠯᠢᠶᠠᠩᠴᠧᠩ ᠰᠢᠶᠠᠨ ᠤ ᠬᠢᠨ ᠰᠠᠶᠢᠨ ᠰᠠᠶᠢᠬᠠᠨ ᠠᠮᠢ ᠠᠬᠤᠢ ᠶᠢᠨ ᠣᠷᠴᠢᠨ ᠲᠣᠭᠤᠷᠢᠨ ᠵᠢᠴᠢ ᠭᠦᠨ ᠵᠤᠵᠠᠭᠠᠨ ᠬᠤᠪᠢᠰᠬᠠᠯ ᠤᠨ ᠰᠣᠶᠣᠯ ᠤᠨ ᠡᠬᠢ ᠪᠠᠶᠠᠯᠢᠭ ᠲᠤ ᠲᠦᠰᠢᠭᠯᠡᠵᠦ᠂ ᠪᠦᠬᠦ ᠣᠷᠣᠨ ᠪᠦᠰᠡ ᠶᠢᠨ ᠵᠤᠭᠠᠴᠠᠯ ᠤᠨ ᠬᠥᠭᠵᠢᠯᠲᠡ ᠶᠢᠨ ᠰᠡᠳᠬᠢᠴᠡ ᠶᠢ ᠪᠠᠲᠤ ᠪᠤᠢ ᠪᠣᠯᠭᠠᠪᠠ᠃ ︽ᠬᠥᠬᠡᠮᠳᠦᠭ ᠨᠣᠭᠤᠭᠠᠨ ᠠᠭᠤᠯᠠ ᠤᠰᠤ ᠪᠣᠯ ᠠᠯᠳᠠ ᠮᠥᠩᠭᠦᠨ ᠠᠭᠤᠯᠠ︾ ᠭᠡᠬᠦ ᠤᠢᠢᠯᠠᠭᠠᠭᠳᠠᠬᠤᠨ ᠢ ᠦᠢᠯᠡᠳᠦᠯᠭᠡᠵᠢᠭᠦᠯᠵᠦ᠂ ᠬᠤᠪᠢᠰᠬᠠᠯ ᠤᠨ ᠡᠬᠢ ᠪᠠᠶᠠᠯᠢᠭ᠂ ᠳᠤᠮᠳᠠᠳᠤ ᠶᠢᠨ ᠰᠢᠯᠢᠳᠡᠭ ᠤᠯᠠᠮᠵᠢᠯᠠᠯᠲᠤ ᠰᠣᠶᠣᠯ ᠵᠡᠷᠭᠡ ᠠᠭᠤᠯᠭ᠎ᠠ ᠶᠢ ᠭᠦᠨᠵᠡᠭᠡᠢ ᠠᠭᠤᠳᠠᠯᠵᠤ᠂ ᠲᠡᠭᠦᠨ ᠢ ᠵᠤᠭᠠᠴᠠᠯ ᠤᠨ ᠲᠦᠷᠦᠯ ᠵᠦᠢᠯ ᠤᠨ ᠪᠦᠳᠦᠭᠡᠨ ᠪᠠᠶᠢᠭᠤᠯᠤᠯᠲᠠ ᠳᠤ ᠤᠷᠠᠨ ᠢᠶᠠᠷ ᠠᠭᠤᠰᠤᠯᠴᠠᠭᠤᠯᠵᠤ᠂ ᠡᠯ᠎ᠡ ᠲᠦᠷᠦᠯ ᠤᠨ ᠠᠵᠤ ᠦᠢᠯᠡᠰ ᠪᠣᠯᠤᠨ ᠵᠤᠭᠠᠴᠠᠯ ᠤᠨ ᠬᠥᠭᠵᠢᠯᠲᠡ ᠶᠢᠨ ᠭᠦᠨᠵᠡᠭᠡᠢ ᠠᠭᠤᠰᠤᠯᠴᠠᠯ ᠢ ᠠᠬᠢᠭᠤᠯᠵᠤ᠂ ᠪᠦᠬᠦ ᠣᠷᠣᠨ ᠪᠦᠰᠡ ᠶᠢᠨ ᠰᠢᠨ᠎ᠡ ᠵᠤᠭᠠᠴᠠᠯ ᠤᠨ ᠶᠡᠭᠡ ᠪᠠᠶᠢᠷᠢᠰᠢᠯ ᠢ ᠪᠦᠷᠢᠯᠳᠦᠭᠦᠯᠦᠨ᠎ᠡ᠃ ᠤᠳᠤ᠂ ᠯᠢᠶᠠᠩᠴᠧᠩ ᠰᠢᠶᠠᠨ ᠤ ᠵᠤᠭᠠᠴᠠᠯ ᠤᠨ ᠠᠵᠤ ᠦᠢᠯᠡᠰ ᠤᠨ ᠬᠥᠭᠵᠢᠯᠲᠡ ᠴᠡᠴᠡᠭᠯᠡᠨ ᠬᠥᠭᠵᠢᠵᠦ᠂ ᠰᠢᠶᠠᠨ ᠤ ᠬᠡᠪᠴᠢᠶᠡᠨ ᠤ ᠠᠵᠤ ᠠᠬᠤᠢ ᠶᠢᠨ ᠨᠡᠮᠡᠭᠳᠡᠯ ᠤᠨ ᠰᠢᠨ᠎ᠡ ᠬᠥᠳᠡᠯᠭᠡᠬᠦ ᠬᠦᠴᠦᠨ ᠪᠣᠯᠵᠠᠢ᠃
   ᠵᠤᠭᠠᠴᠠᠭᠴᠢ ᠳ᠋ᠦᠩ ᠭᠦᠸᠧ ᠴᠧᠨ᠄ ᠪᠢᠳᠡ ᠡᠨᠡ ᠤᠳᠠᠭ᠎ᠠ ᠪᠦᠬᠦ ᠤᠯᠤᠰ ᠤᠨ ᠡᠯ᠎ᠡ ᠭᠠᠵᠠᠷ ᠤᠨ ᠬᠡᠳᠦᠨ ᠠᠷᠪᠠᠨ ᠭᠡᠷ ᠪᠦᠯᠢ ᠶᠢ ᠳᠠᠭᠠᠭᠤᠯᠵᠤ ᠢᠷᠡᠭᠰᠡᠨ ᠨᠢ ᠭᠤᠷᠪᠠᠨ ᠲᠠᠯ᠎ᠠ ᠶᠢᠨ ᠰᠢᠯᠲᠠᠭᠠᠨ ᠲᠠᠢ ᠶᠤᠮ᠃ ᠨᠢᠭᠡ ᠲᠠᠯ᠎ᠠ ᠪᠠᠷ ᠠᠭᠤᠷ ᠠᠮᠢᠰᠬᠤᠯ᠂ ᠯᠢᠶᠠᠩᠴᠧᠩ ᠰᠢᠶᠠᠨ  ᠪᠣᠯ ᠦᠨᠡᠬᠡᠷ ᠵᠤᠰᠠᠯᠠᠩ ᠤᠨ ᠦᠵᠡᠮᠵᠢᠲᠦ ᠣᠷᠣᠨ ᠶᠤᠮ᠂ ᠬᠠᠮᠤᠭ ᠥᠨᠳᠥᠷ ᠠᠭᠠᠷ ᠤᠨ ᠳᠤᠯᠠᠭᠠᠨ ᠡᠨᠡ ᠬᠤᠶᠠᠷ ᠡᠳᠦᠷ ᠰᠠᠶ᠋ᠢ ᠬᠤᠷᠢᠭᠠᠳ ᠭᠷᠠᠳᠦ᠋ᠰ᠂ ᠤᠯᠠᠨ ᠢᠶᠠᠷ ᠢᠶᠠᠨ ᠪᠦᠷ ᠠᠳᠡᠬᠢ ᠠᠭᠤᠷ ᠠᠮᠢᠰᠬᠤᠯ ᠢ ᠪᠠᠭ᠋ᠠᠷᠬᠠᠳᠠᠭ᠃ ᠬᠤᠶᠠᠳᠤᠭᠠᠷ ᠲᠤ᠂ ᠯᠢᠶᠠᠩᠴᠧᠩ ᠤᠨ ᠰᠣᠶᠣᠯ ᠪᠣᠯᠤᠨ᠎ᠠ᠂ ᠠᠳᠡᠬᠢ ᠨᠢ ᠲᠠᠷᠢᠶᠠᠯᠠᠬᠤ ᠰᠣᠶᠣᠯ ᠪᠠ ᠨᠡᠭᠦᠳᠡᠯ ᠮᠠᠯᠵᠢᠯ ᠤᠨ ᠰᠣᠶᠣᠯ ᠤᠨ ᠠᠭᠤᠯᠵᠠᠷ ᠲᠤ ᠪᠠᠶᠢᠬᠤ ᠪᠥᠭᠡᠳ ᠭᠡᠷ ᠤᠨ ᠠᠬᠠᠮᠠᠳ ᠪᠠ ᠬᠡᠦᠬᠡᠳ ᠤᠨ ᠲᠣᠭᠤᠷᠢᠨ ᠦᠵᠡᠬᠦ ᠴᠢᠬᠤᠯᠠ ᠲᠠᠢ ᠮᠢᠩ ᠤᠯᠤᠰ ᠤᠨ ᠴᠠᠭᠠᠨ ᠬᠡᠷᠡᠮ ᠤᠨ ᠪᠠᠭᠤᠷᠢ ᠪᠠᠶᠢᠬᠤ ᠪᠥᠭᠡᠳ ᠰᠢᠷᠣᠶ ᠶᠢᠨ ᠰᠢᠷ᠎ᠠ ᠥᠩᠭᠡᠲᠡᠶ ᠴᠠᠭᠠᠨ ᠬᠡᠷᠡᠮ ᠢ ᠥᠭᠡᠷ᠎ᠡ ᠭᠠᠵᠠᠷ ᠲᠤ ᠣᠯᠵᠤ ᠬᠠᠷᠠᠳᠠᠭ ᠦᠭᠡᠢ ᠶᠤᠮ᠃ ᠡᠨᠡ ᠨᠢ ᠯᠢᠶᠠᠩᠴᠧᠩ ᠤᠨ ᠰᠣᠶᠣᠯ ᠤᠨ ᠠᠭᠤᠯᠵᠠᠷ ᠲᠤ ᠪᠠᠶᠢᠬᠤ ᠪᠥᠭᠡᠳ ᠪᠠᠰᠠ ᠭᠡᠷ ᠤᠨ ᠠᠬᠠᠮᠠᠳ ᠪᠠ ᠬᠡᠦᠬᠡᠳ ᠤᠨ ᠲᠣᠭᠤᠷᠢᠨ ᠦᠵᠡᠬᠦ ᠴᠢᠬᠤᠯᠠ ᠲᠠᠢ ᠮᠢᠩ ᠤᠯᠤᠰ ᠤᠨ ᠴᠠᠭᠠᠨ ᠬᠡᠷᠡᠮ ᠤᠨ ᠪᠠᠭᠤᠷᠢ ᠪᠣᠯᠬᠤ ᠪᠥᠭᠡᠳ ᠰᠢᠷᠣᠶ ᠶᠢᠨ ᠰᠢᠷ᠎ᠠ ᠥᠩᠭᠡᠲᠡᠶ ᠴᠠᠭᠠᠨ ᠬᠡᠷᠡᠮ ᠢ ᠥᠭᠡᠷ᠎ᠡ ᠭᠠᠵᠠᠷ ᠲᠤ ᠣᠯᠵᠤ ᠦᠵᠡᠳᠡᠭ ᠦᠭᠡᠢ ᠶᠤᠮ᠃ ᠭᠤᠷᠪᠠᠳᠤᠭᠠᠷ ᠲᠤ᠂ ᠠᠳᠡᠬᠢ ᠢᠳᠡᠭᠡᠨ ᠤᠮᠳᠠᠭᠠᠨ ᠳᠤ᠂ ᠡᠮᠦᠨᠡᠲᠦ ᠣᠷᠣᠨ ᠤ ᠪᠤᠶᠤ ᠤᠮᠠᠷᠠᠲᠤ ᠣᠷᠣᠨ ᠤ ᠭᠡᠰᠡᠨ ᠥᠬᠡᠶ᠂ ᠮᠠᠨ ᠤ ᠯᠢᠶᠠᠩᠴᠧᠩ ᠤᠨ ᠢᠳᠡᠭᠡᠨ ᠤᠮᠳᠠᠭᠠᠨ ᠳᠤ ᠪᠦᠷ ᠳᠤᠷᠠᠲᠠᠶ᠂ ᠢᠳᠡᠰᠢᠨ ᠨᠣᠭᠤᠭ᠎ᠠ᠂ ᠭᠤᠸᠠ ᠵᠢᠮᠢᠰ ᠂ ᠦᠬᠡᠷ ᠬᠤᠨᠢᠨ ᠤ ᠮᠢᠬ᠎ᠠ ᠳᠤ ᠴᠤ ᠭᠡᠰᠡᠨ ᠥᠬᠡᠶ᠂ ᠪᠢᠳᠡ ᠪᠦᠷ ᠳᠤᠷᠠᠲᠠᠶ ᠪᠠᠶᠢᠳᠠᠭ᠃                                         ᠨᠠᠶᠢᠷᠠᠭᠤᠯᠤᠭᠴᠢ᠄   ᠶᠠᠩ  ᠿᠦᠢ ᠵᠧᠨ                                         ᠤᠷᠴᠢᠭᠤᠯᠤᠭᠴᠢ  ᠄   ᠼᠦᠢ ᠴᠢᠩ
 
ᠢᠷᠡᠯᠲᠡ᠄ ᠠᠮᠢᠵᠢᠷᠠᠯ  ᠪᠢᠯᠬᠠᠭᠰᠠᠨ ᠯᠢᠶᠠᠩᠴᠧᠩ  ᠤᠨ ᠬᠢᠳᠡᠳ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19002733号-2