ᠮᠠᠨ ᠤ ᠰᠢᠶᠠᠨ 2023 ᠣᠨ ᠤ ᠰᠢᠨ᠎ᠡ  ᠪᠠᠷ ᠰᠢᠯᠠᠭᠠᠨ ᠡᠯᠰᠡᠭᠰᠡᠨ ᠰᠣᠩᠭᠤᠨ ᠰᠢᠯᠵᠢᠭᠦᠯᠦᠭᠰᠡᠨ ᠰᠣᠷᠣᠭᠴᠢ ᠶᠢᠨ ᠨᠡᠷ᠎ᠡ ᠮᠡᠳᠡᠭᠦᠯᠬᠦ ᠠᠭᠤᠯᠵᠠᠯᠲᠠ ᠶᠢᠨ ᠬᠤᠷᠠᠯ ᠬᠢᠪᠠ
ᠨᠡᠶᠢᠲᠡᠯᠡᠭᠰᠡᠨ ᠴᠠᠭ᠄
2023/8/14
    ᠮᠠᠨ ᠤ ᠰᠢᠶᠠᠨ ᠤ ᠡᠨᠡ ᠵᠢᠯ ᠤᠨ ᠰᠢᠨ᠎ᠡ   ᠪᠠᠷ ᠰᠢᠯᠠᠭᠠᠨ ᠡᠯᠰᠡᠭᠰᠡᠨ ᠰᠣᠩᠭᠤᠨ ᠰᠢᠯᠵᠢᠭᠦᠯᠬᠦ ᠰᠣᠷᠣᠭᠴᠢ ᠶᠢᠨ ᠰᠢᠨ᠎ᠡ ᠳᠦᠷᠢ ᠶᠢ ᠲᠦᠷᠭᠡᠨ ᠬᠤᠪᠢᠷᠠᠭᠤᠯᠵᠤ᠂ ᠰᠢᠨ᠎ᠡ ᠣᠷᠴᠢᠨ ᠲᠣᠭᠤᠷᠢᠨ ᠳᠤ ᠵᠣᠬᠢᠴᠠᠭᠤᠯᠤᠨ᠂ ᠰᠢᠨ᠎ᠡ ᠬᠠᠮᠲᠤ ᠨᠡᠶᠢᠲᠡ ᠳᠤ ᠠᠭᠤᠰᠤᠯᠴᠠᠭᠤᠯᠬᠤ ᠶᠢ ᠬᠠᠪᠰᠤᠷᠬᠤ ᠶᠢᠨ ᠲᠥᠯᠥᠭᠡ᠂ 8 ᠰᠠᠷ᠎ᠠ ᠶᠢᠨ 14 ᠤ ᠡᠳᠦᠷ᠂ ᠰᠢᠶᠠᠨ ᠤ ᠨᠠᠮ ᠤᠨ ᠬᠤᠷᠢᠶᠠᠨ ᠤ ᠵᠣᠬᠢᠶᠠᠨ ᠪᠠᠶᠢᠭᠤᠯᠬᠤ ᠬᠡᠯᠲᠡᠰ 2023 ᠣᠨ ᠤ ᠰᠢᠨ᠎ᠡ ᠰᠢᠯᠭᠠᠯᠲᠠ ᠶᠢᠨ ᠰᠣᠩᠭᠤᠨ ᠰᠢᠯᠵᠢᠭᠦᠯᠬᠦ ᠰᠣᠷᠣᠭᠴᠢ ᠶᠢᠨ ᠨᠡᠷ᠎ᠡ ᠮᠡᠳᠡᠭᠦᠯᠬᠦ ᠠᠭᠤᠯᠵᠠᠯᠲᠠ ᠶᠢᠨ ᠬᠤᠷᠠᠯ ᠬᠢᠵᠦ᠂ ᠡᠯ᠎ᠡ ᠭᠥᠯᠢᠶᠡᠨ ᠠᠪᠬᠤ ᠨᠢᠭᠡᠴᠡ ᠶᠢᠨ ᠬᠤᠪᠢᠳᠠᠨ ᠬᠠᠮᠢᠶᠠᠷᠬᠤ ᠤᠳᠤᠷᠢᠳᠤᠯᠭ᠎ᠠ ᠪᠣᠯᠤᠨ 2023 ᠣᠨ ᠤ ᠰᠣᠩᠭᠤᠨ ᠰᠢᠯᠵᠢᠭᠦᠯᠬᠦ ᠰᠣᠷᠣᠭᠴᠢ ᠶᠢ ᠬᠤᠷᠠᠯ ᠳᠤ ᠣᠷᠣᠯᠴᠠᠭᠤᠯᠵᠠᠶ᠃
       ᠬᠤᠷᠠᠯ ᠤᠨ ᠲᠤᠬᠠᠶ ᠶᠢᠨ ᠲᠠᠯᠠᠪᠤᠷ ᠲᠤ ᠰᠢᠨ᠎ᠡ ᠪᠠᠷ ᠰᠢᠯᠭᠠᠨ ᠡᠯᠰᠡᠬᠦ ᠰᠣᠩᠭᠤᠨ ᠰᠢᠯᠵᠢᠭᠦᠯᠬᠦ ᠰᠣᠷᠣᠭᠴᠢ ᠶᠢᠨ ᠬᠤᠪᠢᠶᠠᠷᠢᠯᠠᠯᠲᠠ ᠶᠢᠨ ᠨᠡᠷᠡᠰ ᠢ ᠤᠩᠰᠢᠨ ᠨᠡᠶᠢᠲᠡᠯᠡᠵᠦ᠂ ᠰᠣᠩᠭᠤᠨ ᠰᠢᠯᠵᠢᠭᠦᠯᠬᠦ ᠰᠣᠷᠣᠭᠴᠢ ᠶᠢᠨ ᠲᠣᠰᠬᠤᠨ ᠳᠤ ᠬᠦᠷᠴᠦ ᠲᠤᠰᠢᠶᠠᠯ ᠡᠭᠦᠷᠭᠡᠯᠡᠬᠦ ᠬᠤᠭᠤᠴᠠᠭᠠᠨ ᠳᠠᠬᠢ ᠤᠯᠤᠰ ᠤᠨ ᠪᠠᠶᠢᠳᠠᠯ ᠤᠨ ᠪᠠᠶᠢᠴᠠᠭᠠᠨ ᠰᠤᠳᠤᠯᠤᠯᠲᠠ ᠶᠢᠨ ᠵᠠᠷᠤᠳᠠᠯ ᠤᠨ ᠬᠡᠷᠡᠭᠯᠡᠯᠲᠡ ᠶᠢᠨ ᠲᠣᠳᠣᠷᠬᠠᠶᠢᠯᠠᠯᠲᠠ ᠵᠡᠷᠭᠡ  ᠵᠤᠶᠢᠯᠡᠰ ᠢ ᠲᠠᠨᠢᠯᠴᠠᠭᠤᠯᠵᠤ᠂ 29 ᠨᠡᠷᠡᠰ ᠰᠢᠨ᠎ᠡ ᠪᠠᠷ ᠰᠢᠯᠭᠠᠨ ᠡᠯᠰᠡᠭᠰᠡᠨ  ᠰᠣᠩᠭᠤᠨ ᠰᠢᠯᠵᠢᠭᠦᠯᠬᠦ ᠰᠣᠷᠣᠭᠴᠢ ᠲᠠᠰ ᠳᠠᠷᠠᠭᠠᠯᠠᠨ ᠥᠪᠡᠷ ᠢ ᠪᠠᠨ ᠲᠠᠨᠢᠯᠴᠠᠭᠤᠯᠵᠤ᠂ ᠭᠥᠯᠢᠶᠡᠨ ᠠᠪᠤᠭᠰᠠᠨ ᠨᠢᠭᠡᠴᠡ ᠶᠢᠨ ᠲᠥᠯᠥᠭᠡᠯᠡᠭᠴᠢᠳ ᠤᠨ ᠪᠦᠯᠬᠦᠮ ᠤᠨ ᠰᠢᠶᠠᠨ ᠤ ᠨᠠᠮ ᠤᠨ ᠬᠤᠷᠢᠶ᠎ᠠ ᠶᠢᠨ ᠬᠠᠷᠢᠭᠤᠴᠠᠯᠭᠠᠲᠠᠨ ᠣᠪᠣᠷ ᠢᠶᠠᠨ ᠢᠯᠡᠳᠬᠡᠬᠦ ᠦᠭᠡ ᠬᠡᠯᠡᠵᠦ᠂ ᠰᠢᠨ᠎ᠡ ᠪᠠᠷ ᠰᠢᠯᠭᠠᠨ ᠡᠯᠰᠡᠬᠦ ᠰᠣᠩᠭᠤᠨ ᠰᠢᠯᠵᠢᠭᠦᠯᠬᠦ ᠰᠣᠷᠣᠭᠴᠢ ᠶᠢᠨ ᠲᠥᠯᠥᠭᠡᠯᠡᠭᠴᠢ ᠠᠵᠢᠯ ᠳᠤ ᠣᠷᠣᠬᠤ ᠣᠪᠣᠷ ᠢᠶᠠᠨ ᠢᠯᠡᠳᠬᠡᠬᠦ ᠦᠭᠡ ᠬᠡᠯᠡᠪᠡ᠃    ᠬᠤᠷᠠᠯ ᠠᠴᠠ ᠵᠢᠭᠠᠵᠤ ᠭᠠᠷᠭᠠᠭᠰᠠᠨ ᠨᠢ᠂ ᠰᠢᠨ᠎ᠡ ᠰᠢᠯᠭᠠᠯᠲᠠ ᠳᠤ ᠰᠣᠩᠭᠤᠨ ᠬᠡᠷᠡᠭᠯᠡᠬᠦ ᠰᠣᠷᠣᠭᠴᠢ ᠡᠷᠬᠡᠪᠰᠢ ᠬᠦᠰᠡᠯᠡᠩ ᠢᠲᠡᠭᠡᠯ ᠵᠣᠷᠢᠭ ᠢᠶᠠᠨ ᠪᠠᠲᠤᠳᠬᠠᠵᠤ᠂ ᠣᠭ ᠰᠠᠨᠠᠭ᠎ᠠ ᠡᠭᠦᠷᠭᠡ ᠬᠠᠷᠢᠭᠤᠴᠠᠯᠭ᠎ᠠ ᠪᠠᠨ ᠡᠭᠦᠷᠢᠳᠡ ᠪᠠᠲᠤᠯᠠᠬᠤ ᠬᠡᠷᠡᠭᠲᠡᠶ︔ ᠦᠨᠳᠦᠰᠦᠨ ᠱᠠᠲᠤᠨ ᠳᠤ ᠦᠨᠳᠦᠰᠦᠯᠡᠵᠦ᠂ ᠯᠠᠪᠳᠠᠭᠤᠨ ᠪᠠᠲᠤᠲᠠᠢ ᠠᠵᠢᠯᠯᠠᠵᠤ᠂ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠪᠠ ᠲᠤᠰ ᠨᠢᠭᠡᠴᠡ ᠶᠢᠨ ᠢᠶᠠᠨ ᠡᠯ᠎ᠡ ᠵᠦᠢᠯ ᠤᠨ ᠠᠵᠢᠯ ᠳᠤ ᠢᠳᠡᠪᠬᠢᠲᠡᠢ ᠣᠷᠣᠯᠴᠠᠬᠤ ᠬᠡᠷᠡᠭᠲᠡᠢ︔ ᠢᠳᠡᠪᠬᠢᠲᠡᠢ ᠪᠠᠷ ᠰᠤᠷᠤᠯᠴᠠᠵᠤ᠂ ᠴᠢᠳᠠᠮᠠᠭᠠᠢ ᠪᠠᠷ ᠵᠢᠭᠠᠯᠭᠠᠵᠤ᠂ ᠠᠯᠤᠰ ᠬᠡᠳᠦ ᠶᠢᠨ ᠬᠠᠷᠠᠯᠲᠠ ᠪᠣᠯᠤᠨ ᠣᠳᠣᠬᠠᠨ ᠤ ᠡᠭᠦᠷᠭᠡ ᠶᠢ ᠰᠠᠶᠢᠲᠤᠷ ᠡᠵᠡᠮᠳᠡᠵᠦ᠂ ᠲᠠᠰᠤᠷᠠᠯᠲᠠ ᠦᠭᠡᠢ ᠥᠪᠡᠷ ᠢ ᠪᠠᠨ ᠰᠤᠷᠤᠯᠴᠠᠨ ᠳᠡᠭᠡᠭᠰᠢᠯᠡᠭᠦᠯᠵᠦ᠂ ᠴᠠᠭ ᠢᠮᠠᠭᠲᠠ ᠣᠷᠭᠢᠯᠤᠮ᠎ᠠ ᠰᠡᠳᠬᠢᠯᠭᠡ ᠪᠣᠯᠤᠨ ᠡᠷᠴᠢ ᠵᠣᠷᠢᠭ ᠢᠶᠠᠨ ᠬᠠᠳᠠᠭᠠᠯᠠᠵᠤ ᠂ ᠬᠠᠷᠢᠭᠤᠴᠠᠯᠭ᠎ᠠ ᠡᠭᠦᠷᠭᠡᠯᠡᠬᠦ ᠳᠤᠮᠳᠠ ᠳᠠᠪᠲᠠᠨ ᠪᠣᠯᠪᠠᠰᠤᠷᠠᠵᠤ᠂ ᠪᠣᠳᠠᠲᠠᠢ ᠠᠵᠢᠯᠯᠠᠬᠤ ᠳᠤᠮᠳᠠ ᠬᠤᠪᠢ ᠨᠡᠮᠡᠷᠢ ᠦᠵᠡᠭᠦᠯᠬᠦ ᠬᠡᠷᠡᠭᠲᠡᠢ  ᠭᠡᠪᠡ᠃    ᠰᠢᠨ᠎ᠡ  ᠪᠠᠷ ᠰᠢᠯᠠᠭᠠᠨ ᠡᠯᠰᠡᠭᠰᠡᠨ ᠰᠣᠩᠭᠤᠨ ᠰᠢᠯᠵᠢᠭᠦᠯᠬᠦ ᠰᠣᠷᠣᠭᠴᠢ ᠶᠢᠨ ᠲᠥᠯᠥᠭᠡᠯᠡᠭᠴᠢ ᠯᠢ ᠨᠠ᠄ ︽ᠯᠢᠶᠠᠩᠴᠧᠩ ᠤᠨ ᠰᠣᠩᠭᠤᠨ ᠰᠢᠯᠵᠢᠭᠦᠯᠬᠦ ᠰᠣᠷᠣᠭᠴᠢ ᠶᠢᠨ ᠡᠨᠡ ᠬᠦ ᠶᠡᠭᠡ ᠬᠡᠷ ᠪᠦᠯᠢ ᠳᠤ ᠣᠷᠣᠵᠤ ᠢᠷᠡᠭᠰᠡᠨ ᠳᠡᠭᠡᠨ ᠮᠠᠰᠢ ᠪᠠᠶᠠᠷᠯᠠᠵᠤ ᠪᠠᠶᠢᠨ᠎ᠠ᠂ ᠰᠢᠨ᠎ᠡ ᠴᠠᠭ ᠦᠶ᠎ᠡ ᠶᠢᠨ ᠰᠢᠨ᠎ᠡ ᠵᠠᠯᠠᠭᠤᠴᠤᠳ ᠪᠣᠯᠤᠭᠰᠠᠨ ᠤ ᠬᠤᠪᠢ ᠳᠤ᠂ ᠪᠢᠳᠡ ᠪᠣᠯ ᠠᠵᠢᠯ ᠬᠢᠵᠦ  ᠤᠶᠢᠯᠡᠰ ᠴᠣᠭᠴᠠᠯᠠᠬᠤ ᠶᠢᠨ ᠨᠢᠭᠡ ᠬᠤᠪᠢ ᠮᠥᠨ᠂ ᠪᠢᠳᠡ ᠵᠠᠪᠠᠯ ᠪᠠᠲᠤ ᠴᠢᠩᠭ᠎ᠠ ᠢᠲᠡᠭᠡᠯ ᠪᠢᠰᠢᠷᠡᠯ ᠢᠶᠠᠷ ᠥᠪᠡᠷ ᠤᠨ ᠠᠵᠢᠯ ᠤᠨ ᠪᠠᠶᠢᠷᠢ ᠳᠡᠭᠡᠷ᠎ᠡ ᠪᠠᠨ ᠬᠡᠷᠡᠯ ᠭᠢᠯᠪᠠᠭ᠎ᠠ ᠪᠠᠨ ᠰᠠᠴᠤᠷᠠᠭᠤᠯᠬᠤ ᠬᠡᠷᠡᠭᠲᠡᠶ︾ ᠭᠡᠵᠡᠶ᠃                                             ᠨᠠᠶᠢᠷᠠᠭᠤᠯᠤᠭᠴᠢ᠄  ᠯᠢ ᠬᠤᠩ ᠢᠦᠢ                                               ᠤᠷᠴᠢᠭᠤᠯᠤᠭᠴᠢ᠄   ᠼᠦᠢ ᠴᠢᠩ
 
ᠢᠷᠡᠯᠲᠡ᠄ ᠠᠮᠢᠵᠢᠷᠠᠯ  ᠪᠢᠯᠬᠠᠭᠰᠠᠨ ᠯᠢᠶᠠᠩᠴᠧᠩ  ᠤᠨ ᠬᠢᠳᠡᠳ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19002733号-2