︽ᠪᠢ ᠤᠯᠠᠨ ᠲᠦᠮᠡᠨ ᠳᠤ ᠪᠤᠳᠠᠳᠤ ᠶᠠᠪᠤᠳᠠᠯ ᠬᠢᠵᠦ ᠦᠭᠭᠦᠨ᠎ᠡ︾ ᠬᠠᠬᠢᠷ ᠡᠪᠦᠯ  ᠤᠨ ᠴᠠᠰᠤᠲᠤ ᠰᠥᠨᠢ ᠄ ᠣᠯᠠᠨ ᠲᠦᠮᠡᠨ ᠤ ᠡᠷᠦᠬᠡ ᠠᠮᠠ ᠶᠢᠨ ᠵᠠᠯᠭᠠᠯᠲᠠ ᠶᠢᠨ ᠱᠤᠭᠤᠮ ᠤᠨ ᠲᠥᠯᠥᠭᠡ
ᠨᠡᠶᠢᠲᠡᠯᠡᠭᠰᠡᠨ ᠴᠠᠭ᠄
2024/1/10
 1 ᠰᠠᠷ᠎ᠠ ᠶᠢᠨ 6 ᠤ ᠡᠳᠦᠷ ᠤᠨ 18 ᠴᠠᠭ 30 ᠮᠢᠨᠦ᠋ᠲ ᠤᠨ ᠦᠶ᠎ᠡ ᠪᠠᠷ᠂ ᠥᠪᠥᠷ ᠮᠣᠩᠭᠤᠯ ᠤᠨ  ᠮᠠᠩᠬᠠᠨ ᠠᠭᠤᠯᠠᠨ ᠤ  ᠬᠦᠢᠳᠡᠨ‌‍ᠰᠠᠯᠬᠢᠨ ᠳᠤ ᠴᠠᠰᠤ ᠯᠠᠪᠰᠠᠯᠠᠵᠤ᠂ ᠠᠭᠠᠷ ᠤᠨ ᠳᠤᠯᠠᠭᠠᠨ ᠭᠡᠨᠡᠳᠲᠡ ᠪᠠᠭᠤᠷᠠᠪᠠ᠃ ᠶᠠᠭ ᠪᠠᠭ᠎ᠠ ᠬᠦᠢᠳᠡᠨ ᠴᠠᠭ ᠪᠣᠯᠬᠤ ᠳᠤ ᠲᠩᠷᠢ ᠭᠠᠵᠠᠷ ᠬᠥᠯᠳᠡᠵᠦ᠂ ᠲᠤᠰᠤᠯ ᠤᠰᠤ ᠮᠥᠰᠥ ᠰᠢᠭ ᠬᠥᠯᠳᠡᠳᠡᠭ᠃ ᠭᠡᠨᠡᠳᠲᠡ ᠥᠪᠥᠷ ᠮᠣᠩᠭᠤᠯ ᠤᠨ ᠯᠢᠶᠠᠩᠴᠧᠩ ᠰᠢᠶᠠᠨ ᠤ ᠭᠦᠸᠧ ᠰᠢᠶᠠᠨ  ᠶᠣᠣ ᠴᠠᠬᠢᠯᠭᠠᠨ ᠬᠠᠩᠭᠠᠬᠤ ᠭᠠᠵᠠᠷ ᠤᠨ ᠵᠢᠵᠢᠭᠦᠷ ᠤᠨ ᠲᠠᠰᠤᠭ ᠤᠨ ᠤᠲᠠᠰᠤᠨ ᠤ ᠬᠤᠩᠬᠤ ᠳᠤᠤᠭᠠᠷᠴᠤ᠂ ᠴᠢᠬᠢ ᠭᠠᠳᠠᠮ᠎ᠠ ᠤᠲᠠᠰᠤᠨ ᠤ ᠬᠤᠩᠬᠤ ᠨᠠᠮ ᠬᠥᠮ ᠰᠥᠨᠢ ᠶᠢᠨ ᠣᠭᠲᠠᠷᠭᠤᠶ ᠶᠢ ᠵᠦᠰᠦᠪᠡ᠃     ᠳ᠋ᠢᠶᠠᠩᠬᠤᠸᠠ‌‍ᠶᠢ  ᠮᠠᠩᠬᠠᠨ ᠪᠠᠯᠭᠠᠰᠤᠨ ᠤ ᠰᠠᠨ ᠵᠢᠤᠢ ᠶᠣᠣ ᠲᠣᠰᠬᠤᠨ ᠤ ᠠᠷᠠᠳ ᠳ᠋ᠢᠩ ᠬᠦᠤᠤ ᠵᠤ ᠠᠴᠠ ᠢᠷᠡᠭᠦᠯᠦᠭᠰᠡᠨ ᠶᠤᠮ᠂ ᠳᠡᠳᠡᠨ ᠤ ᠲᠣᠰᠬᠤᠨ ᠤ ᠬᠡᠳᠦᠨ ᠡᠷᠦᠬᠡ ᠶᠢᠨ ᠬᠢᠨ ᠭᠡᠨᠡᠳᠲᠡ ᠴᠠᠬᠢᠯᠭᠠᠨ ᠦᠭᠡᠢ ᠪᠤᠯᠵᠤ᠂ ᠭᠡᠷᠡᠯᠲᠦᠭᠦᠯᠬᠦ ᠶᠢᠨ ᠠᠷᠭ᠎ᠠ ᠦᠭᠡᠢ ᠪᠣᠯᠪᠠ᠂ ᠲᠣᠰᠬᠤᠨ ᠤ ᠬᠥᠮᠦᠨ ᠮᠠᠯ ᠤᠨ ᠤᠰᠤ ᠤᠮᠳᠠ ᠶᠢᠨ ᠬᠤᠳᠳᠤᠭ ᠤᠨ ᠤᠰᠤᠨ ᠬᠥᠭᠡᠷᠭᠡ ᠴᠦ ᠠᠵᠢᠯᠯᠠᠬᠤ ᠪᠠᠨ ᠵᠣᠭᠰᠣᠪᠠ᠂ ᠳᠡᠳᠡ ᠰᠢᠯᠲᠠᠭᠠᠨ ᠢ ᠨᠢ ᠪᠠᠶᠢᠴᠠᠭᠠᠵᠤ ᠣᠯᠤᠭᠰᠠᠨ ᠦᠭᠡᠢ ᠪᠣᠯᠬᠤᠷ ᠤᠯᠠᠨ ᠢᠶᠠᠷ ᠢᠶᠠᠨ ᠮᠠᠰᠢ ᠰᠠᠨᠳᠤᠷᠴᠤ᠂ ᠴᠠᠬᠢᠯᠭᠠᠨ ᠬᠠᠩᠭᠠᠬᠤ ᠭᠠᠵᠠᠷ ᠠᠴᠠ ᠲᠤᠰᠠᠯᠠᠮᠵᠢ ᠭᠤᠶᠤᠪᠠ᠂ ᠡᠷᠲᠡᠬᠡᠨ ᠰᠢᠭ ᠵᠠᠰᠠᠵᠤ ᠥᠭᠴᠦ ᠪᠣᠯᠤᠨ᠎ᠠ ᠤᠣ ᠦᠭᠡᠢ ᠦᠤ ᠭᠡᠵᠦ ᠬᠡᠯᠡᠪᠡ᠃
     ︽ᠯᠣᠣ ᠳ᠋ᠢᠩ ᠡ᠂ ᠣᠯᠠᠨ ᠢ ᠪᠢᠲᠡᠭᠡᠶ ᠶᠠᠭᠠᠷᠠ᠂ ᠪᠢᠳᠡ ᠣᠳᠣᠬᠠᠨ ᠣᠴᠢᠶ᠎ᠠ︾ ᠭᠡᠪᠡ᠃ ᠵᠠᠰᠠᠭᠤᠯᠬᠤ ᠪᠠᠷ ᠮᠡᠳᠡᠭᠦᠯᠬᠦ ᠤᠲᠠᠰᠤ ᠪᠣᠯ ᠳᠠᠷᠤᠶ ᠵᠠᠷᠯᠢᠭ ᠮᠥᠨ᠂ ᠤᠷᠤᠢ ᠶᠢᠨ ᠬᠤᠭᠤᠯᠠ ᠢᠳᠡᠬᠦ ᠪᠠᠷ ᠪᠡᠯᠡᠳᠬᠡᠵᠦ ᠪᠠᠶᠢᠭᠰᠠᠨ ᠵᠢᠵᠢᠭᠦᠷ ᠤᠨ ᠭᠠᠵᠠᠷ ᠤᠨ ᠳᠠᠷᠤᠭ᠎ᠠ ᠰᠢᠶᠤᠤ ᠵᠠᠩ ᠤᠯᠠᠨ ᠵᠦᠢᠯ ᠢ ᠬᠠᠮᠢᠶᠠᠷᠴᠤ ᠳᠡᠶᠢᠯᠬᠦ ᠦᠭᠡᠢ ᠪᠠᠷ ᠰᠠᠪᠬ᠎ᠠ ᠪᠠᠨ ᠲᠠᠯᠪᠢᠭᠠᠳ᠂ ᠵᠠᠪᠳᠤᠨ ᠵᠠᠰᠠᠬᠤ ᠠᠩᠬᠢ ᠶᠢᠨ ᠭᠡᠰᠢᠭᠦᠨ ᠴᠧᠨ ᠭᠤᠸᠠᠶ ᠲᠠᠢ ᠬᠠᠮᠲᠤ ᠵᠠᠪᠳᠤᠨ ᠵᠠᠰᠠᠬᠤ ᠪᠠᠭᠠᠵᠢ ᠪᠠᠨ ᠠᠪᠴᠤ᠂ ᠮᠠᠰᠢᠨ ᠲᠡᠷᠭᠡ ᠪᠠᠷ ᠰᠠᠨ ᠵᠢᠤᠢ ᠶᠣᠣ ᠲᠣᠰᠬᠤᠨ ᠵᠦᠭ ᠰᠢᠭᠤᠳ ᠭᠦᠶᠦᠪᠡ᠃    ᠬᠠᠭᠠᠰ ᠴᠠᠭ ᠤᠨ ᠳᠠᠷᠠᠭ᠎ᠠ᠂ ᠰᠢᠶᠤᠤ ᠵᠠᠩ᠂ ᠯᠣᠣ ᠴᠧᠨ ᠬᠤᠶᠠᠭᠤᠯᠠ ᠰᠠᠨ ᠵᠢᠤᠢ ᠶᠣᠣ ᠲᠣᠰᠬᠤᠨ ᠳᠤ ᠢᠷᠡᠬᠦ ᠳᠤ᠂ ᠲᠡᠷᠡ ᠬᠤᠯᠠ ᠠᠴᠠ ᠲᠣᠰᠬᠤᠨ ᠤ ᠵᠠᠬ᠎ᠠ ᠳᠤ ᠬᠥᠮᠦᠨ ᠬᠦᠯᠢᠶᠡᠵᠦ ᠪᠠᠶᠢᠬᠤ ᠶᠢ ᠣᠯᠵᠤ ᠬᠠᠷᠠᠪᠠ᠃ 20 ᠭᠠᠷᠤᠶ ᠭᠠᠵᠠᠷ ᠤᠨ ᠬᠥᠳᠡᠭᠡ ᠲᠣᠰᠬᠤᠨ ᠤ ᠵᠠᠰᠠᠮᠠᠯ ᠵᠠᠮ ᠤᠨ ᠴᠠᠰᠤᠨ ᠳᠤ ᠭᠤᠯᠭᠤᠬᠤ ᠰᠢᠯᠲᠠᠭᠠᠨ ᠠᠴᠠ ᠪᠣᠯᠵᠣ᠂ ᠵᠠᠪᠳᠤᠨ ᠵᠠᠰᠠᠭᠰᠠᠨ ᠲᠡᠷᠭᠡ ᠨᠢ ᠡᠩ ᠤᠨ ᠴᠠᠭ ᠠᠴᠠ ᠪᠠᠨ 10 ᠭᠠᠷᠤᠶ ᠮᠢᠨᠦ᠋ᠲ ᠢᠯᠡᠭᠦᠤ ᠶᠠᠪᠤᠵᠠᠶ᠃    ︽ᠪᠤᠰᠢᠭᠤ ᠦᠵᠡᠭᠦᠯᠦᠭᠡᠴᠢ᠂ ᠭᠡᠷ ᠲᠤ ᠴᠠᠬᠢᠯᠭᠠᠨ ᠦᠭᠡᠶ ᠪᠣᠯᠵᠠᠶ᠂ ᠵᠠᠷᠢᠮ ᠬᠥᠮᠦᠨ ᠤᠷᠢᠳ ᠢᠶᠠᠷ ᠤᠰᠤ ᠬᠠᠳᠠᠭᠠᠯᠠᠭᠰᠠᠨ ᠦᠭᠡᠶ᠂ ᠤᠰᠤ ᠴᠤ ᠦᠭᠡᠶ ᠪᠣᠯᠵᠠᠶ᠂ ᠪᠢᠳᠡ ᠪᠠᠰᠠ ᠶᠠᠭᠠᠬᠢᠵᠤ ᠵᠠᠰᠠᠬᠤ ᠪᠠᠨ ᠮᠡᠳᠡᠬᠦ ᠦᠭᠡᠶ᠂ ᠵᠢᠭᠠᠬᠠᠨ ᠴᠤ ᠠᠷᠭ᠎ᠠ ᠦᠭᠡᠶ ᠪᠣᠯᠵᠠᠶ᠂ ᠲᠠ ᠨᠠᠷ ᠢ ᠵᠠᠯᠠᠬᠤ ᠠᠴᠠ ᠥᠭᠡᠷ᠎ᠡ ᠠᠷᠭ᠎ᠠ ᠦᠭᠡᠶ ᠪᠣᠯᠵᠠᠶ᠂ ᠡᠶᠢᠮᠦ ᠬᠤᠯᠠ ᠪᠥᠭᠡᠳ ᠣᠷᠣᠶ ᠪᠠᠰᠠ ᠲᠠ ᠨᠠᠷ ᠢ ᠦᠢᠮᠡᠭᠦᠯᠵᠦ ᠪᠠᠶᠢᠨ᠎ᠠ᠂ ᠦᠨᠡᠬᠡᠷ ᠡᠪ ᠦᠭᠡᠶ ᠪᠣᠯᠤᠯ᠎ᠠ︾ ᠭᠡᠪᠡ᠃ ᠲᠣᠰᠬᠤᠨ ᠤ ᠠᠷᠠᠳ ᠤᠳ ᠶᠠᠭᠠᠷᠠᠯᠲᠠᠢ ᠲᠠᠶᠢᠯᠪᠤᠷᠢᠯᠠᠨ᠎ᠠ᠃    ︽ᠬᠠᠮᠢᠶ᠎ᠠ ᠦᠭᠡᠢ᠂ ᠣᠯᠠᠨ ᠢᠶᠠᠷ ᠢᠶᠠᠨ ᠪᠠᠴᠢᠮᠳᠠᠵᠤ ᠰᠠᠨᠳᠤᠷᠬᠤ ᠴᠤ ᠶᠣᠰᠣᠲᠠᠶ᠂ ᠪᠢᠳᠡ ᠯᠠᠪ ᠲᠠ ᠨᠠᠷ ᠢ ᠬᠠᠪᠰᠤᠷᠴᠤ ᠵᠠᠰᠠᠵᠤ ᠥᠭᠬᠦ ᠶᠤᠮ︾ ᠭᠡᠪᠡ᠃ ᠵᠠᠩ ᠣᠪᠣᠭᠲᠤ ᠢᠨᠢᠶᠡᠮᠰᠦᠭᠯᠡᠭᠰᠡᠭᠡᠷ ᠭᠠᠷ ᠢᠶᠠᠨ ᠰᠠᠵᠢᠨ᠂ ᠳ᠋ᠢᠩ ᠭᠤᠸᠠᠶ ᠶᠢᠨ ᠬᠠᠷᠠᠴᠠ ᠪᠠᠷ ᠪᠠᠴᠢᠮ ᠪᠠᠶᠢᠳᠠᠯ ᠢ ᠠᠷᠭᠠᠴᠠᠬᠤ ᠳ᠋ᠧᠩ ᠤᠨ ᠭᠡᠷᠡᠯ ᠢ ᠭᠡᠷᠡᠯᠲᠦᠭᠦᠯᠦᠨ᠂ ᠪᠡᠭᠡᠯᠡᠶ ᠪᠠᠷ ᠢᠶᠠᠨ ᠬᠥᠯ ᠢᠶᠠᠨ ᠵᠦᠯᠭᠦᠵᠦ ᠬᠥᠮᠥᠷᠢᠭᠰᠡᠨ ᠴᠠᠰᠤ ᠶᠢ ᠠᠷᠴᠢᠬᠤ ᠶᠢᠨ ᠬᠠᠮᠲᠤ᠂ ᠲᠡᠭᠦᠨ ᠢ ᠬᠠᠪᠰᠤᠷᠴᠤ ᠠᠶᠤᠯ ᠠᠴᠠ ᠬᠠᠮᠠᠭᠠᠯᠠᠬᠤ ᠪᠦᠰᠡ ᠶᠢ ᠨᠢ ᠤᠶᠠᠪᠠ᠃ ᠨᠢᠭᠡ ᠮᠢᠨᠦ᠋ᠲ ᠨᠢᠭᠡ ᠰᠧᠺᠦ᠋ᠨ᠋ᠳ᠋ ᠢᠶᠠᠷ ᠥᠩᠭᠡᠷᠡᠨ᠎ᠡ ᠁ ᠴᠧᠨ ᠭᠤᠸᠠᠶ ᠨᠢᠷᠤᠭᠤ ᠪᠠᠨ ᠲᠡᠨᠢᠶ᠋ᠯᠭᠡᠨ᠂ ᠤᠲᠠᠰᠤᠨ ᠤ ᠵᠠᠯᠭᠠᠭᠠᠰᠤ ᠨᠤᠭᠤᠳ ᠢ ᠥᠴᠦᠬᠡᠨ ᠴᠦ ᠣᠰᠣᠯᠳᠠᠯ ᠦᠭᠡᠶ ᠪᠠᠷ ᠪᠠᠶᠢᠴᠠᠭᠠᠨ ᠦᠵᠡᠬᠦ ᠳᠤ᠂ ᠮᠠᠰᠢ ᠲᠦᠷᠭᠡᠨ ᠢᠶᠠᠷ ᠲᠣᠯᠣᠭᠠᠶ᠂ ᠪᠡᠶ᠎ᠡ ᠳᠡᠭᠡᠷ᠎ᠡ ᠨᠢ ᠴᠠᠰᠤ ᠣᠷᠣᠵᠠᠶ᠃
       20 ᠴᠠᠭ 30 ᠮᠢᠨᠦ᠋ᠲ ᠲᠤ᠂ ᠨᠢᠭᠡ ᠴᠠᠭ ᠰᠢᠬᠠᠮ ᠵᠠᠪᠳᠤᠨ ᠵᠠᠰᠠᠬᠤ ᠪᠠᠷ ᠲᠠᠮᠵᠢᠨ᠂ ᠵᠠᠮ ᠱᠤᠭᠤᠮ ᠤᠨ ᠭᠡᠮ ᠰᠣᠭᠤᠭ ᠢ ᠡᠴᠦᠰ ᠲᠡᠭᠡᠨ ᠠᠷᠢᠯᠭᠠᠵᠤ᠂ ᠲᠣᠰᠬᠤᠨ ᠳᠤ ᠲᠠᠬᠢᠨ ᠭᠡᠷᠡᠯ ᠭᠡᠭᠡ ᠬᠠᠷᠠᠭᠳᠠᠵᠤ᠂ ᠬᠡᠰᠡᠭ ᠬᠡᠰᠡᠭ ᠤᠷᠠᠶᠢᠯᠠᠬᠤ ᠲᠠᠭᠤᠨ ᠰᠣᠨᠣᠰᠳᠠᠪᠠ᠃    ᠴᠧᠨ ᠭᠤᠸᠠᠶ ᠴᠠᠬᠢᠯᠭᠠᠨ ᠪᠠᠭᠠᠨ᠎ᠠ ᠠᠴᠠ ᠪᠠᠭᠤᠵᠤ ᠢᠷᠡᠭᠡᠳ ᠨᠢᠷᠤᠭᠤ ᠪᠠᠨ ᠰᠤᠩᠭᠠᠨ᠂ ᠬᠥᠯᠳᠡᠭᠰᠡᠨ ᠬᠥᠯ ᠢᠶᠠᠨ ᠳᠡᠪᠰᠡᠵᠦ᠂ ᠮᠥᠰᠥ ᠰᠢᠭ ᠬᠦᠢᠲᠡᠨ ᠭᠠᠷ ᠢᠶᠠᠨ ᠨᠤᠬᠤᠯᠠᠵᠤ᠂ ᠲᠣᠯᠣᠭᠠᠶ ᠳᠡᠭᠡᠷᠡᠬᠢ ᠴᠠᠰᠤ ᠪᠠᠨ ᠭᠦᠪᠢᠨ ᠂ ᠨᠢᠭᠡ ᠠᠮᠢᠰᠬᠤᠭ᠎ᠠ ᠪᠠᠨ ᠠᠭᠤᠵᠢᠷᠠᠭᠤᠯᠤᠭᠠᠳ᠂ ᠬᠠᠵᠠᠭᠤ ᠳᠤᠨᠢ ᠵᠣᠭᠰᠣᠵᠤ ᠪᠠᠶᠢᠭᠰᠠᠨ ᠵᠠᠩ ᠭᠠᠵᠠᠷ ᠤᠨ ᠳᠠᠷᠤᠭ᠎ᠠ ᠳᠤ᠄ ︽ᠵᠠᠰᠠᠵᠤ ᠳᠠᠭᠤᠰᠤᠯ᠎ᠠ᠂ ᠤᠴᠢᠷ ᠦᠭᠡᠢ ᠪᠣᠯᠤᠯ᠎ᠠ᠂ ᠠᠳᠡᠯ ᠤᠨ ᠭᠤᠣᠯ ᠰᠢᠯᠲᠠᠭᠠᠨ ᠨᠢ ᠲᠣᠰᠬᠤᠨ ᠤ ᠠᠷᠠᠳ ᠤᠨ ᠭᠡᠷ ᠤᠨ ᠴᠠᠬᠢᠯᠭᠠᠨ ᠬᠡᠷᠡᠭᠯᠡᠬᠦ ᠬᠡᠮᠵᠢᠶ᠎ᠡ ᠶᠡᠬᠡᠰᠴᠦ᠂ ᠵᠠᠯᠭᠠᠯᠲᠠ ᠶᠢᠨ ᠤᠲᠠᠰᠤᠨ ᠤ ᠬᠥᠨᠳᠡᠶᠢᠷᠡᠭᠦᠯᠦᠭᠴᠢ ᠳᠠᠪᠬᠤᠷᠭ᠎ᠠ ᠶᠢᠨ ᠬᠠᠭᠤᠴᠢᠷᠠᠭᠰᠠᠨ ᠠᠴᠠ ᠪᠤᠯᠵᠤ ᠳᠥᠲᠡᠯᠡᠯ ᠡᠭᠦᠰᠴᠡᠶ︾ ᠭᠡᠵᠦ ᠬᠡᠯᠡᠵᠡᠶ᠃ ᠭᠡᠵᠦ ᠬᠡᠯᠡᠵᠡᠶ᠃ ᠴᠧᠨ ᠭᠤᠸᠠᠶ ᠴᠠᠬᠢᠯᠭᠠᠨ ᠪᠠᠭᠠᠨ᠎ᠠ ᠠᠴᠠ ᠪᠠᠭᠤᠵᠤ ᠢᠷᠡᠭᠡᠳ ᠨᠢᠷᠤᠭᠤ ᠪᠠᠨ ᠰᠤᠩᠭᠠᠨ᠂ ᠬᠥᠯᠳᠡᠭᠰᠡᠨ ᠬᠥᠯ ᠢᠶᠠᠨ ᠳᠡᠪᠰᠡᠵᠦ᠂ ᠬᠥᠯᠳᠡᠭᠰᠡᠨ ᠭᠠᠷ ᠢᠶᠠᠨ ᠨᠤᠬᠤᠯᠠᠨ ᠬᠥᠯᠳᠡᠭᠰᠡᠨ ᠴᠠᠰᠤ ᠪᠠᠨ ᠭᠦᠪᠢᠭᠡᠳ ᠨᠢᠭᠡ ᠠᠮᠢᠰᠬᠤᠭ᠎ᠠ ᠠᠪᠤᠭᠠᠳ᠂ ᠬᠠᠵᠠᠭᠤ ᠳᠤᠨᠢ ᠵᠣᠭᠰᠣᠵᠤ ᠪᠠᠶᠢᠭᠰᠠᠨ ᠵᠠᠩ ᠭᠠᠵᠠᠷ ᠤᠨ ᠳᠠᠷᠤᠭ᠎ᠠ ᠳᠤ ᠬᠡᠯᠡᠪᠡ᠃    ᠲᠣᠰᠬᠤᠨ ᠤ ᠬᠢᠨ ᠪᠠᠰᠠ ᠯᠠ ᠭᠡᠷᠡᠯ ᠭᠢᠯᠪᠠᠭ᠎ᠠ ᠪᠠᠨ ᠰᠠᠴᠤᠷᠠᠭᠤᠯᠤᠨ᠂ ︽ᠴᠢᠩ ᠯᠢᠩ ᠯᠢᠩ︾ ᠤᠨ ᠤᠷᠤᠰᠬᠠᠯ ᠨᠢ ᠠᠶᠢᠯ ᠡᠷᠦᠬᠡ ᠪᠦᠷᠢ ᠶᠢᠨ ᠭᠠᠩ ᠳᠣᠲᠣᠷ᠎ᠠ ᠤᠷᠤᠰᠴᠤ ᠪᠠᠶᠢᠬᠤ ᠶᠢ ᠦᠵᠡᠭᠡᠳ᠂ ᠲᠤᠬᠠᠢ ᠶᠢᠨ ᠲᠠᠯᠠᠪᠠᠢ ᠶᠢᠨ ᠲᠣᠰᠬᠤᠨ ᠤ ᠠᠷᠠᠳ ᠪᠠᠶᠠᠷᠲᠠᠢ ᠪᠠᠷ ᠠᠯᠠᠭ᠎ᠠ ᠲᠠᠰᠢᠵᠠᠭᠠᠪᠠ᠃    ︽ᠣᠷᠣᠢ ᠪᠣᠯᠴᠢᠬᠠᠯ᠎ᠠ᠂ ᠲᠩᠷᠢ ᠪᠠᠰᠠ ᠮᠠᠭᠤᠬᠠᠢᠷᠠᠵᠠᠢ᠂ ᠲᠠ ᠨᠠᠷ ᠢ ᠵᠣᠪᠠᠭᠠᠵᠤ ᠮᠠᠨ ᠤ ᠤᠲᠠᠰᠤ ᠶᠢ ᠵᠠᠰᠠᠵᠤ ᠴᠠᠬᠢᠯᠭᠠᠨ ᠬᠦᠷᠭᠡᠭᠦᠯᠦᠭᠡᠳ ᠥᠭᠭᠦᠨ᠎ᠡ ᠦᠤ᠂ ᠦᠨᠡᠬᠡᠷ ᠪᠠᠶᠠᠷᠯᠠᠯ᠎ᠠ᠂ ᠬᠤᠷᠳᠤᠨ ᠭᠡᠷ ᠲᠤ ᠣᠷᠣᠵᠤ ᠳᠤᠯᠠᠭᠠᠴᠠᠭᠠᠷᠠᠶ ᠂ ᠮᠠᠨ ᠤ ᠳᠤ ᠬᠤᠭᠤᠯᠠ ᠪᠠᠨ ᠢᠳᠡᠭᠡᠷᠡᠶ ᠳ᠋ᠡ︾ ᠭᠡᠪᠡ᠃ ᠳ᠋ᠢᠩ ᠠᠪᠤᠭᠠᠶ ᠶᠠᠷᠢᠬᠤ ᠶᠢᠨ ᠳᠠᠭᠠᠤ ᠬᠤᠶᠠᠭᠤᠯᠠ ᠶᠢ ᠭᠡᠷ ᠤᠷᠤᠭᠤ ᠪᠠᠨ ᠨᠠᠶᠢᠷ ᠲᠠᠯᠪᠢᠪᠠ᠃    ︽ᠪᠢᠳᠡ ᠪᠠᠰᠠ ᠰᠤᠳᠤᠯᠭᠠᠨ ᠤ ᠭᠠᠵᠠᠷ ᠲᠠᠭᠠᠨ ᠣᠴᠢᠵᠤ ᠵᠢᠵᠢᠭᠦᠷᠯᠡᠨ᠎ᠡ᠂ ᠤᠴᠢᠷ ᠲᠠᠢ ᠪᠣᠯ ᠲᠠ ᠴᠠᠭ ᠲᠤᠬᠠᠶ ᠳᠤᠨᠢ ᠪᠢᠳᠡᠨ ᠳᠤ ᠤᠲᠠᠰᠤᠳᠠᠭᠠᠷᠠᠶ︾ ᠭᠡᠪᠡ᠃ ᠬᠤᠶᠠᠷ ᠬᠥᠮᠦᠨ ᠲᠡᠷᠭᠡ ᠪᠠᠷ ᠢᠶᠠᠨ ᠴᠠᠰᠤ ᠮᠥᠰᠥ ᠶᠢ ᠲᠤᠯᠵᠤ ᠴᠠᠬᠢᠯᠭᠠᠨ ᠬᠠᠩᠭᠠᠬᠤ ᠭᠠᠵᠠᠷ ᠲᠠᠭᠠᠨ ᠪᠤᠴᠠᠪᠠ᠃                                 ᠨᠠᠶᠢᠷᠠᠭᠤᠯᠤᠭᠴᠢ᠄  ᠯᠢ ᠬᠤᠩ ᠢᠦᠢ                                    ᠤᠷᠴᠢᠭᠤᠯᠤᠭᠴᠢ᠄   ᠼᠦᠢ ᠴᠢᠩ
 
ᠢᠷᠡᠯᠲᠡ᠄ ᠠᠮᠢᠵᠢᠷᠠᠯ  ᠪᠢᠯᠬᠠᠭᠰᠠᠨ ᠯᠢᠶᠠᠩᠴᠧᠩ  ᠤᠨ ᠬᠢᠳᠡᠳ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19002733号-2