ᠠᠷᠪᠠᠨ ᠳᠥᠷᠪᠡᠳᠦᠭᠡᠷ ᠬᠤᠭᠤᠴᠠᠭᠠᠨ ᠤ ᠪᠥᠬᠦ ᠤᠯᠤᠰ ᠤᠨ ᠡᠪᠦᠯ ᠤᠨ ᠤᠯᠠᠷᠢᠯ ᠤᠨ ᠪᠡᠶ᠎ᠡ ᠶᠢᠨ ᠲᠠᠮᠢᠷ ᠤᠨ ᠴᠤᠭᠯᠠᠭᠠᠨ ᠤ ᠤᠯᠠᠭᠠᠨᠴᠠᠪ ᠬᠤᠳᠠ ᠶᠢᠨ ᠯᠢᠶᠠᠩᠴᠧᠩ ᠤᠨ ᠤᠷᠤᠯᠳᠤᠭᠠᠨ ᠤ ᠲᠣᠭᠤᠷᠢᠭ ᠡᠴᠦᠰ ᠤᠨ ᠲᠡᠶᠢᠨ ᠳᠤ ᠣᠷᠣᠪᠠ
ᠨᠡᠶᠢᠲᠡᠯᠡᠭᠰᠡᠨ ᠴᠠᠭ᠄
2024/2/27
  2 ᠰᠠᠷ᠎ᠠ ᠶᠢᠨ 26᠎ ᠤ ᠡᠳᠦᠷ᠂ ᠠᠷᠪᠠᠨ ᠳᠥᠷᠪᠡᠳᠦᠭᠡᠷ ᠬᠤᠭᠤᠴᠠᠭᠠᠨ ᠤ ᠪᠥᠬᠦ ᠤᠯᠤᠰ ᠤᠨ ᠡᠪᠦᠯ ᠤᠨ ᠤᠯᠠᠷᠢᠯ ᠤᠨ ᠪᠡᠶ᠎ᠡ ᠶᠢᠨ ᠲᠠᠮᠢᠷ ᠤᠨ ᠴᠤᠭᠯᠠᠭᠠᠨ ᠤ ᠤᠯᠠᠭᠠᠨᠴᠠᠪ ᠤᠨ ᠯᠢᠶᠠᠩᠴᠧᠩ ᠤᠨ ᠤᠷᠤᠯᠳᠤᠭᠠᠨ ᠤ ᠲᠣᠭᠤᠷᠢᠭ ᠡᠴᠦᠰ ᠤᠨ ᠳᠠᠶᠢᠨ ᠳᠤ ᠣᠷᠣᠵᠤ᠂ ᠬᠡᠭᠡᠷᠡᠯᠡᠨ ᠴᠠᠨᠠᠯᠠᠬᠤ ᠬᠠᠮᠲᠤ ᠶᠢᠨ ᠲᠥᠷᠥᠯ  ᠵᠤᠶᠢᠯ ᠤᠨ ᠠᠯᠲᠠᠨ  ᠮᠧᠲ᠋ᠧᠯ ᠢ ᠬᠤᠶᠠᠷ ᠪᠣᠶ ᠪᠣᠯᠭᠠᠪᠠ᠃
         ᠡᠨᠡ ᠡᠳᠦᠷ ᠬᠡᠭᠡᠷᠡᠯᠡᠨ ᠴᠠᠨᠠᠯᠠᠬᠤ ᠵᠠᠯᠠᠭᠤ ᠳᠤᠭᠤᠶᠢᠯᠠᠩ ᠤᠨ ᠡᠮᠡᠭᠲᠡᠶ ᠶᠢᠨ 4 × 5 ᠺᠢᠯᠤᠮᠧᠲ᠋ᠧᠷ ᠤᠨ ᠬᠦᠴᠦ ᠵᠠᠯᠭᠠᠬᠤ ᠬᠦᠴᠦ ᠪᠠ ᠡᠷᠡᠭᠲᠡᠶ ᠶᠢᠨ 4 × 5 ᠺᠢᠯᠤᠮᠧᠲ᠋ᠧᠷ ᠤᠨ ᠪᠤᠤᠬᠢᠶ᠎ᠠ ᠤᠷᠤᠯᠳᠤᠭᠠᠨ ᠳᠤ ᠣᠷᠣᠯᠴᠠᠬᠤ ᠪᠣᠯᠤᠨ᠎ᠠ᠂ ᠡᠨᠡ ᠪᠣᠯ ᠬᠡᠭᠡᠷᠡᠯᠡᠨ ᠴᠠᠨᠠᠯᠠᠬᠤ ᠬᠠᠮᠤᠭ ᠰᠡᠭᠦᠯᠴᠢ ᠶᠢᠨ ᠬᠤᠶᠠᠷ ᠲᠥᠷᠥᠯ ᠵᠦᠢᠯ᠂ ᠮᠥᠨ ᠴᠦ ᠲᠣᠰ ᠬᠤᠭᠤᠴᠠᠭᠠᠨ ᠤ ᠲᠠᠮᠢᠷ ᠤᠨ ᠴᠤᠭᠯᠠᠭᠠᠨ ᠤ ᠤᠯᠠᠭᠠᠨᠴᠠᠪ ᠤᠨ ᠯᠢᠶᠠᠩᠴᠧᠩ ᠤᠨ ᠤᠷᠤᠯᠳᠤᠭᠠᠨ ᠤ ᠲᠣᠭᠤᠷᠢᠭ ᠲᠤ ᠡᠭᠦᠰᠦᠭᠰᠡᠨ ᠬᠠᠮᠤᠭ ᠤᠨ ᠡᠴᠦᠰ ᠤᠨ ᠬᠤᠶᠠᠷ ᠠᠯᠲᠠᠨ ᠮᠧᠲ᠋ᠧᠯ ᠪᠣᠯᠤᠨ᠎ᠠ᠃ ᠡᠮᠡᠭᠲᠡᠢ ᠶᠢᠨ ᠤᠷᠤᠯᠳᠤᠭᠠᠨ ᠤ ᠲᠠᠯᠠᠪᠠᠢ ᠳᠠᠬᠢ ᠥᠷᠢᠰᠦᠯᠳᠦᠭᠡᠨ ᠬᠥᠮᠦᠰ ᠤᠨ ᠠᠩᠬᠠᠷᠤᠯ ᠢ ᠶᠡᠬᠡᠳᠡ ᠲᠠᠲᠠᠵᠤ᠂ ᠥᠴᠥᠭᠡᠳᠦᠷ ᠬᠤᠪᠢ ᠬᠥᠮᠦᠨ ᠤ ᠣᠢᠷ᠎ᠠ ᠵᠠᠢ ᠶᠢᠨ ᠤᠷᠤᠯᠳᠤᠭᠠᠨ ᠳᠤ ᠲᠡᠷᠢᠭᠦᠨ᠂ ᠳᠡᠳ᠋᠂ ᠭᠤᠷᠪᠠᠳᠤᠭᠠᠷ ᠲᠤ ᠣᠷᠣᠵᠤ᠂ ᠲᠠᠪᠤᠳᠤᠭᠠᠷ ᠨᠡᠷᠡᠰ ᠬᠠᠷᠠᠮᠦ᠋ᠷᠡᠨ ᠮᠣᠵᠢ ᠶᠢᠨ ᠪᠢᠴᠢᠬᠠᠨ ᠵᠠᠩᠵᠤᠨ ᠠᠩᠭᠢ ᠵᠣᠬᠢᠶᠠᠨ ᠪᠠᠢᠭᠤᠯᠵᠤ᠂ ᠡᠬᠢᠯᠡᠨ ᠳᠠᠷᠤᠯᠲᠠ ᠶᠢᠨ ᠴᠢᠨᠠᠷᠲᠠᠢ ᠳᠠᠪᠠᠭᠤᠯᠢᠭ ᠢᠶᠠᠷ ᠨᠢᠭᠡᠳᠦᠭᠡᠷ ᠪᠠᠢᠷᠢᠨ ᠳᠤ ᠣᠷᠣᠵᠤ᠂ ᠨᠢᠭᠡ ᠵᠠᠮ ᠭᠤᠯᠭ ᠤᠨ᠂ ᠡᠴᠦᠰ ᠲᠡᠭᠡᠨ 59 ᠮᠢᠨᠦ᠋ᠲ 21 ᠰᠧᠺᠦ᠋ᠨ᠋ᠳ᠋ 9᠎ ᠤ ᠬᠢᠷᠢ ᠪᠦᠲᠦᠮᠵᠢ ᠪᠠᠷ ᠮᠠᠩᠯᠠᠢᠯᠠᠭᠰᠠᠨ ᠦᠭᠡᠢ᠃ ᠭᠠᠨᠰᠦ ᠶᠢᠨ ᠲᠥᠯᠥᠭᠡᠯᠡᠭᠴᠢᠳ ᠤᠨ ᠠᠩᠭᠢ ᠮᠥᠩᠭᠦᠨ ᠮᠧᠲ᠋ᠧᠯ ᠣᠯᠵᠤ ᠲᠢᠶᠠᠨᠵᠢᠨ ᠤ ᠲᠥᠯᠥᠭᠡᠯᠡᠭᠴᠢᠳ ᠤᠨ ᠠᠩᠭᠢ ᠭᠤᠷᠪᠠᠳᠤᠭᠠᠷ ᠲᠤ ᠣᠷᠣᠵᠠᠢ᠃  
      ᠬᠠᠷᠠᠮᠥ᠋ᠷᠡᠨ ᠤ ᠲᠥᠯᠥᠭᠡᠯᠡᠭᠴᠢᠳ ᠤᠨ ᠠᠩᠭᠢ ᠶᠢᠨ ᠳᠠᠰᠬᠠᠯᠵᠢᠭᠤᠯᠤᠭᠴᠢ ᠸᠠᠩ ᠶᠠᠨ᠄ ︽ᠮᠠᠨ ᠤ ᠮᠤᠵᠢ ᠳᠤ ᠱᠠᠲᠤᠨ ᠠᠩᠭᠢ ᠶᠢᠨ ᠪᠠᠶᠢᠭᠤᠯᠤᠯᠲᠠ ᠶᠢ ᠮᠠᠰᠢ ᠴᠢᠬᠤᠯᠠᠴᠢᠯᠠᠨ ᠦᠵᠡᠵᠦ ᠪᠠᠶᠢᠨ᠎ᠠ᠂ ᠬᠡᠳᠦ᠋ᠢᠪᠡᠷ ᠮᠠᠨ ᠤ ᠬᠥᠮᠦᠨ ᠴᠥᠭᠡᠨ ᠪᠣᠯᠪᠠᠴᠤ ᠮᠠᠨ ᠤ ᠶᠠᠰᠤ ᠴᠢᠨᠠᠷ ᠨᠢ ᠮᠠᠰᠢ ᠰᠠᠶᠢᠨ᠂ ᠡᠨᠡ ᠤᠳᠠᠭᠠᠨ ᠤ ᠵᠠᠯᠠᠭᠤᠴᠤᠳ ᠤᠨ ᠳᠤᠭᠤᠶᠢᠯᠠᠩ ᠤᠨ ᠬᠡᠤᠬᠡᠳ ᠤᠳ ᠴᠠᠰᠤᠨ ᠳᠤ ᠭᠤᠯᠭᠤᠬᠤ ᠡᠨᠡ ᠬᠦ ᠲᠥᠷᠥᠯ ᠵᠦᠢᠯ ᠳᠤ ᠮᠠᠰᠢ ᠣᠬᠤᠷᠬᠠᠨ ᠬᠤᠭᠤᠴᠠᠭᠠᠨ ᠳᠤ ᠮᠠᠰᠢ ᠰᠠᠶᠢᠨ ᠢᠯᠡᠷᠡᠵᠦ ᠪᠠᠶᠢᠨ᠎ᠠ᠃ ᠳᠠᠷᠠᠭᠠᠴᠢ ᠶᠢᠨ ᠠᠯᠬᠤᠮ ᠳᠤ ᠪᠢᠳᠡ ᠠᠽᠢᠶ᠎ᠠ ᠲᠢᠪ ᠤᠨ ᠪᠡᠶ᠎ᠡ ᠶᠢᠨ ᠲᠠᠮᠢᠷ ᠤᠨ ᠴᠤᠭᠯᠠᠭᠠᠨ ᠳᠤ ᠪᠡᠯᠡᠳᠭᠡᠨ᠎ᠡ᠂ ᠡᠨᠡ ᠤᠳᠠᠭᠠᠨ ᠤ ᠵᠠᠯᠠᠭᠤᠴᠤᠳ ᠤᠨ ᠳᠤᠭᠤᠶᠢᠯᠠᠩ ᠪᠠᠰᠠ ᠳᠠᠷᠠᠭᠠᠴᠢ ᠶᠢᠨ ᠠᠯᠬᠤᠮ ᠤᠨ ᠨᠠᠰᠤᠨ ᠳᠤ ᠬᠦᠷᠦᠭᠰᠡᠨ ᠳᠤᠭᠤᠶᠢᠯᠠᠩ ᠳᠤ ᠣᠷᠣᠪᠠ᠂ ᠮᠠᠨ ᠤ ᠡᠨᠡ ᠬᠦ ᠪᠦᠯᠬᠦᠮ  ᠤᠯᠤᠰ ᠲᠠᠭᠠᠨ ᠢᠷᠠᠭᠤ ᠠᠯᠳᠠᠷ ᠣᠯᠭᠤᠬᠤ ᠳᠤ ᠢᠲᠡᠭᠡᠯ ᠲᠠᠢ ᠪᠠᠶᠢᠨ᠎ᠠ︾ ᠭᠡᠵᠦ ᠬᠡᠯᠡᠪᠡ᠃
        ᠵᠠᠯᠠᠭᠤᠴᠤᠳ ᠤᠨ ᠳᠤᠭᠤᠶᠢᠯᠠᠩ ᠤᠨ ᠡᠷᠡᠭᠲᠡᠶ ᠶᠢᠨ 4 × 5  ᠺᠢᠯᠤᠮᠧᠲ᠋ᠧᠷ ᠤᠨ ᠪᠤᠤᠬᠢᠶ᠎ᠠ ᠪᠠᠶᠢᠯᠳᠤᠭᠠᠨ ᠤ ᠡᠴᠦᠰ ᠤᠨ ᠪᠠᠶᠢᠯᠳᠤᠭᠠᠨ ᠭᠢᠷᠢᠨ᠂ ᠰᠢᠨᠵᠢᠶᠠᠩ᠂ ᠹᠦᠵᠢᠶᠠᠨ᠂ ᠥᠪᠥᠷ ᠮᠣᠩᠭᠤᠯ᠂ ᠬᠤᠪᠧᠶ᠂ ᠾᠧᠪᠧᠶ ᠪᠣᠯᠤᠨ ᠱᠠᠨᠰᠢ ᠶᠢᠨ ᠳᠣᠯᠣᠭᠠᠨ ᠲᠥᠯᠥᠭᠡᠯᠡᠭᠴᠢᠳ ᠤᠨ ᠠᠩᠭᠢ ᠶᠢᠨ ᠬᠤᠭᠤᠷᠣᠨᠳᠣ ᠶᠠᠪᠤᠭᠳᠠᠵᠤ᠂ ᠡᠷᠡᠭᠲᠡᠶ ᠶᠢᠨ ᠳᠤᠭᠤᠶᠢᠯᠠᠩ ᠤᠨ ᠥᠷᠢᠰᠥᠯᠳᠦᠭᠡᠨ ᠮᠠᠰᠢ ᠬᠤᠷᠴᠠ ᠰᠢᠷᠦᠭᠦᠨ ᠪᠠᠶᠢᠨ᠎ᠠ᠂ ᠪᠢᠳᠡ ᠮᠥᠷᠡᠨ ᠢᠶᠠᠨ ᠬᠥᠭᠡᠭᠡᠵᠦ᠂ ᠬᠠᠷᠢᠯᠴᠠᠨ ᠨᠠᠶᠢᠷ ᠲᠠᠯᠪᠢᠬᠤ ᠦᠭᠡᠢ᠂ ᠡᠴᠦᠰ ᠲᠤ ᠭᠢᠷᠢᠨ ᠤ ᠲᠥᠯᠥᠭᠡᠯᠡᠭᠴᠢᠳ ᠤᠨ ᠠᠩᠭᠢ᠂ ᠰᠢᠨᠵᠢᠶᠠᠩ ᠤᠨ ᠲᠥᠯᠥᠭᠡᠯᠡᠭᠴᠢᠳ ᠤᠨ ᠠᠩᠭᠢ ᠪᠣᠯᠤᠨ ᠾᠧᠪᠸᠢ ᠶᠢᠨ ᠲᠥᠯᠥᠭᠡᠯᠡᠭᠴᠢᠳ ᠤᠨ ᠠᠩᠭᠢ ᠲᠣᠰ ᠲᠣᠰ ᠲᠣᠰ ᠲᠦᠷᠦᠭᠦᠤ ᠭᠤᠷᠪᠠᠨ ᠨᠡᠷᠡᠰ ᠲᠤ ᠣᠷᠣᠵᠤ᠂ ᠠᠷᠪᠠᠨ ᠳᠥᠷᠪᠡᠳᠦᠭᠡᠷ ᠬᠤᠭᠤᠴᠠᠭᠠᠨ ᠤ ᠪᠥᠬᠦ ᠤᠯᠤᠰ ᠤᠨ ᠡᠪᠦᠯ ᠤᠨ ᠤᠯᠠᠷᠢᠯ ᠤᠨ ᠪᠡᠶ᠎ᠡ ᠶᠢᠨ ᠲᠠᠮᠢᠷ ᠤᠨ ᠴᠤᠭᠯᠠᠭᠠᠨ ᠤ ᠤᠯᠠᠭᠠᠨᠴᠠᠪ ᠤᠨ ᠯᠢᠶᠠᠩᠴᠧᠩ ᠤᠷᠤᠯᠳᠤᠭᠠᠨ ᠤ ᠲᠣᠭᠤᠷᠢᠭ ᠤᠨ ᠤᠷᠤᠯᠳᠤᠭᠠᠨ ᠳᠤ ᠲᠡᠭᠦᠰ ᠠᠮᠵᠢᠯᠲᠠ ᠤᠯᠪᠠ᠃
   ᠬᠡᠭᠡᠷᠯᠡᠨ ᠴᠠᠰᠤᠨ ᠳᠤ ᠭᠤᠯᠭᠤᠬᠤ ᠵᠠᠯᠠᠭᠤᠴᠤᠳ ᠤᠨ ᠳᠤᠭᠤᠶᠢᠯᠠᠩ ᠤᠨ ᠡᠷᠡᠭᠲᠡᠶ ᠶᠢᠨ 4 × 5  ᠺᠢᠯᠤᠮᠧᠲ᠋ᠧᠷ ᠤᠨ ᠪᠤᠤᠬᠢᠶ᠎ᠠ ᠤᠷᠤᠯᠳᠤᠭᠠᠨ ᠳᠤ ᠯᠢᠦ ᠵᠢᠩ ᠴᠤᠤ᠄ ︽ᠪᠦᠷ ᠲᠦᠢᠯ ᠢᠶᠠᠷ ᠲᠡᠮᠡᠴᠡᠵᠦ᠂ ᠲᠦᠢᠯ ᠢᠶᠠᠷ  ᠴᠢᠷᠮᠠᠶᠢᠭᠰᠠᠨ ᠪᠠᠶᠢᠨ᠎ᠠ᠂ ᠮᠠᠰᠢ ᠰᠠᠶᠢᠨ ᠮᠥᠷᠲᠡᠭᠡᠨ ᠮᠠᠰᠢ ᠰᠡᠳᠬᠢᠯ ᠬᠠᠨᠤᠮᠵᠢᠲᠠᠢ ᠪᠠᠶᠢᠨ᠎ᠠ᠂ ᠵᠠᠯᠭᠠᠭᠠᠳ ᠦᠷᠭᠦᠯᠵᠢᠯᠡᠨ ᠴᠢᠷᠮᠠᠶᠢᠬᠤ ᠬᠡᠷᠡᠭᠲᠡᠢ︾ ᠭᠡᠪᠡ᠃                                               ᠨᠠᠶᠢᠷᠠᠭᠤᠯᠤᠭᠴᠢ᠄   ᠶᠠᠩ  ᠿᠦᠢ ᠵᠧᠨ                                               ᠤᠷᠴᠢᠭᠤᠯᠤᠭᠴᠢ  ᠄   ᠼᠦᠢ ᠴᠢᠩ
 
ᠢᠷᠡᠯᠲᠡ᠄ ᠠᠮᠢᠵᠢᠷᠠᠯ  ᠪᠢᠯᠬᠠᠭᠰᠠᠨ ᠯᠢᠶᠠᠩᠴᠧᠩ  ᠤᠨ ᠬᠢᠳᠡᠳ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19002733号-2