ᠤᠷᠢᠬᠠᠨ ᠬᠠᠪᠤᠷ ᠤᠨ  ᠵᠤᠶᠢᠯ ᠤᠨ ᠴᠡᠴᠡᠭ ᠳᠡᠯᠭᠡᠷᠡᠬᠦ ᠤᠯᠠᠷᠢᠯ  ᠳᠠᠬᠢ ᠪᠦᠬᠦ ᠠᠷᠠᠳ ᠤᠨ ᠪᠡᠶ᠎ᠡ ᠴᠢᠭᠢᠷᠠᠭᠵᠢᠭᠤᠯᠬᠤ ᠬᠠᠯᠠᠮᠰᠢᠯ
ᠨᠡᠶᠢᠲᠡᠯᠡᠭᠰᠡᠨ ᠴᠠᠭ᠄
2024/4/10
  ᠠᠭᠠᠷ ᠤᠨ ᠳᠤᠯᠠᠭᠠᠨ ᠤ ᠠᠭᠠᠵᠢᠮ ᠢᠶᠠᠷ ᠳᠡᠭᠡᠭᠰᠢᠯᠡᠬᠦ ᠶᠢ ᠳᠠᠭᠠᠯᠳᠤᠨ᠂ ᠪᠡᠶ᠎ᠡ ᠴᠢᠭᠢᠷᠠᠭᠵᠢᠭᠤᠯᠬᠤ ᠬᠠᠯᠠᠭᠤᠨ ᠤᠷᠤᠰᠬᠠᠯ ᠴᠤ ᠳᠠᠭᠠᠯᠳᠤᠨ ᠢᠷᠡᠳᠡᠭ᠃ ᠡᠨᠡ ᠬᠦ ᠬᠠᠪᠤᠷ ᠤᠨ ᠤᠷᠢᠨ ᠳᠤᠯᠠᠭᠠᠨ ᠴᠡᠴᠡᠭ ᠳᠡᠯᠭᠡᠷᠡᠬᠦ ᠤᠯᠠᠷᠢᠯ ᠳᠤ᠂ ᠬᠥᠮᠦᠰ ᠬᠤᠶᠢᠨ᠎ᠠ ᠬᠤᠶᠢᠨ᠎ᠠ ᠠᠴᠠ ᠪᠠᠨ ᠭᠡᠷ ᠠᠴᠠ ᠪᠠᠨ ᠭᠠᠷᠴᠤ᠂ ᠡᠯ᠎ᠡ ᠵᠦᠢᠯ ᠤᠨ ᠪᠡᠶ᠎ᠡ ᠴᠢᠭᠢᠷᠠᠭᠵᠢᠭᠤᠯᠬᠤ ᠬᠥᠳᠡᠯᠭᠡᠭᠡᠨ ᠳᠤ ᠣᠷᠣᠯᠴᠠᠵᠤ᠂ ᠡᠷᠡᠭᠦᠯ ᠴᠢᠭᠢᠷᠠᠭ ᠪᠠ ᠠᠮᠢᠵᠢᠷᠠᠯ ᠤᠨ ᠬᠦᠴᠦᠨ ᠢ ᠬᠥᠭᠡᠭᠡᠴᠡᠯᠳᠦᠳᠡᠭ᠃
      ᠣᠶᠢᠷ᠎ᠠ ᠳᠤ᠂ ᠰᠤᠷᠪᠤᠯᠵᠢᠯᠠᠭᠴᠢ ᠰᠧ ᠮᠠᠶ ᠪᠡᠶ᠎ᠡ ᠪᠣᠯᠪᠠᠰᠤᠷᠠᠭᠤᠯᠬᠤ ᠭᠠᠵᠠᠷ ᠲᠤ ᠣᠷᠣᠬᠤ ᠳᠤ᠂ ᠰᠤᠷᠤᠭᠴᠢᠳ ᠶᠠᠭ ᠪᠡᠶ᠎ᠡ ᠴᠢᠭᠢᠷᠠᠭᠵᠢᠭᠤᠯᠬᠤ ᠲᠠᠮᠢᠷ ᠤᠨ ᠬᠢᠴᠢᠶᠡᠯ ᠣᠷᠣᠵᠤ ᠪᠠᠶᠢᠬᠤ ᠳᠤ᠂ ᠲᠡᠳᠡᠨ ᠤ ᠲᠠᠮᠢᠷ ᠤᠨ ᠬᠤᠪᠴᠠᠰᠤ ᠡᠮᠦᠰᠴᠦ᠂ ᠳᠠᠰᠬᠠᠯᠵᠢᠭᠤᠯᠤᠭᠴᠢ ᠶᠢᠨ ᠠᠶᠢᠵᠠᠮ ᠢ ᠳᠠᠭᠠᠵᠤ᠂ ᠬᠠᠮᠲᠤ ᠪᠠᠷ ᠪᠡᠶ᠎ᠡ ᠪᠠᠨ ᠬᠥᠳᠡᠯᠭᠡᠵᠦ ᠪᠠᠶᠢᠬᠤ ᠶᠢ ᠣᠯᠵᠤ ᠬᠠᠷᠠᠵᠠᠶ᠃ ᠡᠰᠡᠬᠦᠯ᠎ᠡ ᠦᠰᠦᠷᠴᠦ ᠬᠠᠷᠠᠶᠢᠬᠤ᠂ ᠡᠰᠡᠬᠦᠯ᠎ᠡ ᠮᠤᠰᠬᠢᠯᠳᠤᠬᠤ᠂ ᠡᠰᠡᠬᠦᠯ᠎ᠡ ᠰᠤᠩᠭᠠᠬᠤ᠂ ᠬᠥᠳᠡᠯᠭᠡᠭᠡᠨ ᠨᠢᠭᠡᠪᠦᠷᠢ ᠨᠢ ᠪᠦᠷ ᠲᠡᠶᠢᠮᠦ ᠵᠣᠬᠢᠴᠠᠩᠭᠤᠶ ᠪᠠᠷ ᠬᠦᠴᠦᠲᠡᠶ ᠪᠠᠶᠢᠵᠤ᠂ ᠪᠡᠶ᠎ᠡ ᠪᠣᠯᠪᠠᠰᠤᠷᠠᠭᠤᠯᠬᠤ ᠭᠠᠵᠠᠷ ᠤᠨ ᠬᠠᠮᠤᠭ ᠤᠨ ᠦᠵᠡᠰᠬᠦᠯᠡᠩᠲᠦ ᠰᠠᠶᠢᠬᠠᠨ ᠦᠵᠡᠮᠵᠢ ᠶᠢᠨ ᠣᠷᠣᠨ ᠪᠣᠯᠤᠭᠰᠠᠨ ᠪᠠᠶᠢᠨ᠎ᠠ᠃
   ᠰᠤᠷᠤᠭᠴᠢ ᠯᠢᠦ ᠱᠤ ᠵᠢᠤᠸᠠᠨ    ᠪᠡᠶ᠎ᠡ ᠪᠣᠯᠪᠠᠰᠤᠷᠠᠭᠤᠯᠬᠤ ᠥᠷᠥᠭᠡᠨ ᠳᠤ ᠣᠷᠣᠩᠭᠤᠳᠠ ᠪᠡᠶ᠎ᠡ ᠶᠢᠨ ᠬᠦᠨᠳᠦ ᠪᠠᠨ ᠪᠠᠭᠤᠷᠠᠭᠤᠯᠵᠤ ᠥᠭᠡᠬᠦ ᠪᠠᠨ ᠪᠠᠭᠤᠷᠠᠭᠤᠯᠬᠤ ᠶᠢ ᠪᠤᠳᠤᠳᠠᠭ᠂ ᠪᠡᠶ᠎ᠡ ᠪᠣᠯᠪᠠᠰᠤᠷᠠᠭᠤᠯᠬᠤ ᠥᠷᠥᠭᠡᠨ ᠳᠤ ᠣᠷᠣᠭᠠᠳ ᠤᠳᠠᠪᠠᠯ ᠪᠢᠳᠡ ᠳᠠᠷᠤᠶ ᠰᠢᠨ᠎ᠡ ᠲᠠᠨᠢᠯᠲᠠ ᠲᠠᠢ ᠪᠤᠯᠳᠠᠭ᠂ ᠵᠢᠱᠢᠶᠡᠯᠡᠪᠡᠯ ᠢᠳᠡᠭᠡᠨ ᠤᠮᠳᠠᠭᠠᠨ ᠤ ᠳᠠᠳᠬᠠᠯ ᠤᠨ ᠪᠦᠲᠦᠴᠡ ᠶᠢ ᠲᠣᠬᠢᠷᠠᠭᠤᠯᠬᠤ᠂ ᠪᠠᠰᠠ ᠪᠢᠳᠡᠨ ᠤ ᠠᠵᠢᠯᠯᠠᠵᠤ ᠠᠮᠠᠷᠠᠬᠤ ᠶᠢᠨ ᠵᠢᠮ᠎ᠡ ᠶᠣᠰᠣ᠂ ᠪᠠᠰᠠ ᠨᠤᠭᠤᠷᠠᠯ ᠪᠦᠳᠦᠷᠢᠯ ᠢ ᠡᠰᠡᠷᠭᠦᠴᠡᠬᠦ ᠴᠢᠳᠠᠪᠤᠷᠢ ᠲᠠᠢ᠂ ᠨᠡᠩ ᠡᠷᠡᠭᠦᠯ ᠴᠢᠭᠢᠷᠠᠭ ᠠᠮᠢᠳᠤᠷᠠᠯ᠂ ᠪᠠᠶᠠᠷ ᠪᠠᠶᠠᠰᠤᠯ ᠲᠠᠢ ᠠᠮᠢᠳᠤᠷᠠᠯ ᠢ ᠡᠳ᠋ᠯᠡᠨ᠎ᠡ᠃
      ᠪᠠᠭᠠᠵᠢ ᠬᠡᠷᠡᠭᠰᠡᠯ ᠤᠨ ᠪᠣᠯᠪᠠᠰᠤᠷᠠᠯ ᠤᠨ ᠲᠤᠰᠬᠠᠶ ᠣᠷᠣᠨ ᠳᠤ᠂ ᠪᠡᠶ᠎ᠡ ᠴᠢᠭᠢᠷᠠᠭᠵᠢᠭᠤᠯᠬᠤ ᠳᠠᠰᠬᠠᠯᠵᠢᠭᠤᠯᠤᠭᠴᠢ ᠠᠴᠠ ᠰᠤᠷᠤᠭᠴᠢᠳ ᠲᠤ ᠬᠠᠨᠳᠤᠯᠭ᠎ᠠ ᠲᠠᠢ ᠪᠠᠷ ᠪᠡᠶ᠎ᠡ ᠴᠢᠭᠢᠷᠠᠭᠵᠢᠭᠤᠯᠬᠤ ᠪᠣᠯᠪᠠᠰᠤᠷᠠᠯ ᠬᠢᠵᠦ ᠪᠠᠶᠢᠨ᠎ᠠ
   ᠪᠡᠶ᠎ᠡ ᠴᠢᠭᠢᠷᠠᠭᠵᠢᠭᠤᠯᠬᠤ ᠪᠠᠭᠰᠢ  ᠠᠴᠠ    ᠣᠳᠣ ᠠᠭᠤᠷ ᠠᠮᠢᠰᠬᠤᠯ ᠤᠯᠠᠮ ᠠᠴᠠ ᠤᠯᠠᠮ ᠰᠠᠶᠢᠵᠢᠷᠠᠵᠤ᠂ ᠪᠡᠶ᠎ᠡ ᠪᠣᠯᠪᠠᠰᠤᠷᠠᠭᠤᠯᠬᠤ ᠭᠠᠵᠠᠷ ᠤᠨ ᠪᠣᠯᠪᠠᠰᠤᠷᠠᠯ ᠤᠨ ᠬᠥᠮᠦᠨ ᠤ ᠲᠤᠭ᠎ᠠ ᠴᠤ ᠤᠯᠠᠮ ᠢᠶᠠᠷ ᠨᠡᠮᠡᠭᠳᠡᠵᠦ ᠪᠠᠶᠢᠨ᠎ᠠ᠂ ᠪᠡᠶ᠎ᠡ ᠪᠣᠯᠪᠠᠰᠤᠷᠠᠭᠤᠯᠬᠤ ᠳᠤᠷᠠᠲᠠᠶ ᠬᠥᠮᠦᠰ ᠲᠤ ᠪᠢ ᠪᠦᠷ ᠰᠦᠢᠳᠬᠡᠯ ᠬᠤᠷᠢᠶᠠᠬᠤ ᠦᠭᠡᠢ ᠪᠠᠷ ᠦᠨᠳᠦᠰᠦᠨ ᠵᠢᠯᠣᠭᠤᠳᠤᠯᠭ᠎ᠠ ᠪᠠ ᠪᠠᠭᠠᠵᠢ ᠬᠡᠷᠡᠭᠰᠡᠯ ᠢ ᠳᠦᠷᠢᠮᠵᠢᠭᠦᠯᠦᠨ ᠬᠡᠷᠡᠭᠯᠡᠬᠦ ᠪᠥᠭᠡᠳ ᠬᠤᠪᠢ ᠬᠥᠮᠦᠨ ᠤ ᠪᠣᠯᠪᠠᠰᠤᠷᠠᠯ ᠤᠨ ᠲᠤᠰᠬᠠᠶ ᠲᠥᠰᠦᠯ ᠲᠣᠭᠲᠠᠭᠠᠵᠤ᠂ ᠪᠡᠶ᠎ᠡ ᠪᠣᠯᠪᠠᠰᠤᠷᠠᠭᠤᠯᠬᠤ ᠳᠤᠷᠠᠲᠠᠶ ᠬᠥᠮᠦᠨ ᠨᠢᠭᠡᠪᠦᠷᠢ ᠳᠤ ᠨᠢᠭᠡᠨ ᠰᠠᠶᠢᠨ ᠰᠠᠶᠢᠬᠠᠨ ᠪᠡᠶ᠎ᠡ ᠪᠣᠯᠪᠠᠰᠤᠷᠠᠭᠤᠯᠬᠤ ᠲᠤᠷᠰᠢᠯᠭ᠎ᠠ ᠶᠢ ᠬᠠᠩᠭᠠᠵᠤ ᠥᠭᠲᠡᠭ᠃ ᠡᠨᠡ ᠬᠦ ᠪᠣᠯᠪᠠᠰᠤᠷᠠᠯ ᠳᠤ ᠣᠷᠣᠯᠴᠠᠬᠤ ᠳᠤᠷᠠᠲᠠᠶ ᠬᠥᠮᠦᠰ ᠲᠤ ᠪᠢ ᠪᠦᠷ ᠰᠦᠢᠳᠬᠡᠯ ᠬᠤᠷᠢᠶᠠᠬᠤ ᠦᠭᠡᠢ ᠪᠠᠷ ᠦᠨᠳᠦᠰᠦᠨ ᠵᠢᠯᠣᠭᠤᠳᠤᠯᠭ᠎ᠠ ᠪᠠ ᠪᠠᠭᠠᠵᠢ ᠬᠡᠷᠡᠭᠰᠡᠯ ᠢ ᠳᠦᠷᠢᠮᠵᠢᠭᠦᠯᠦᠨ ᠬᠡᠷᠡᠭᠯᠡᠬᠦ ᠪᠥᠭᠡᠳ ᠬᠤᠪᠢ ᠬᠥᠮᠦᠨ ᠤ ᠪᠣᠯᠪᠠᠰᠤᠷᠠᠯ ᠤᠨ ᠲᠤᠰᠬᠠᠶ ᠲᠥᠰᠦᠯ ᠢ ᠲᠣᠭᠲᠠᠭᠠᠵᠤ᠂ ᠪᠡᠶ᠎ᠡ ᠪᠣᠯᠪᠠᠰᠤᠷᠠᠭᠤᠯᠬᠤ ᠳᠤᠷᠠᠲᠠᠶ ᠬᠥᠮᠦᠰ ᠲᠤ ᠨᠢᠭᠡᠨ ᠰᠠᠶᠢᠨ ᠰᠠᠶᠢᠬᠠᠨ ᠪᠡᠶ᠎ᠡ ᠪᠣᠯᠪᠠᠰᠤᠷᠠᠭᠤᠯᠬᠤ ᠲᠤᠷᠰᠢᠯᠭ᠎ᠠ ᠶᠢ ᠬᠠᠩᠭᠠᠵᠤ ᠥᠭᠲᠡᠭ᠃
   ᠪᠡᠶ᠎ᠡ ᠮᠠᠬᠠᠪᠣᠳ ᠢᠶᠠᠨ ᠴᠢᠭᠢᠷᠠᠭᠵᠢᠭᠤᠯᠬᠤ ᠨᠢ ᠨᠢᠭᠡ ᠵᠦᠢᠯ ᠤᠨ ᠬᠥᠳᠡᠯᠭᠡᠭᠡᠨ ᠤ ᠬᠡᠯᠪᠡᠷᠢ ᠪᠣᠯᠬᠤ ᠪᠠᠷ ᠪᠠᠷᠠᠬᠤ ᠦᠭᠡᠢ᠂ ᠨᠡᠩ ᠴᠤ ᠨᠢᠭᠡ ᠵᠦᠢᠯ ᠤᠨ ᠢᠳᠡᠪᠬᠢᠲᠡᠶ ᠥᠭᠡᠳᠡᠷᠬᠡᠭ ᠠᠮᠢᠳᠤᠷᠠᠯ ᠤᠨ ᠣᠪᠣᠷ ᠪᠣᠯᠤᠨ᠎ᠠ᠃ ᠪᠡᠶ᠎ᠡ ᠴᠢᠭᠢᠷᠠᠭᠵᠢᠭᠤᠯᠬᠤ ᠪᠠᠷ ᠳᠡᠮᠵᠢᠨ᠂ ᠬᠥᠮᠦᠰ ᠪᠠᠰᠠ ᠥᠪᠡᠷ ᠤᠨ ᠠᠶᠢᠵᠠᠮ ᠪᠠ ᠠᠯᠬᠤᠮ ᠢᠶᠠᠨ ᠲᠣᠬᠢᠷᠠᠭᠤᠯᠵᠤ᠂ ᠠᠮᠢᠳᠤᠷᠠᠯ ᠢᠶᠠᠨ ᠤᠯᠠᠮ ᠪᠠᠶᠠᠯᠢᠭ ᠰᠠᠶᠢᠬᠠᠨ ᠪᠣᠯᠭᠠᠵᠤ ᠪᠣᠯᠤᠨ᠎ᠠ᠃                                                  ᠨᠠᠶᠢᠷᠠᠭᠤᠯᠤᠭᠴᠢ᠄   ᠶᠠᠩ  ᠿᠦᠢ ᠵᠧᠨ                                                  ᠤᠷᠴᠢᠭᠤᠯᠤᠭᠴᠢ  ᠄   ᠼᠦᠢ ᠴᠢᠩ
 
ᠢᠷᠡᠯᠲᠡ᠄ ᠠᠮᠢᠵᠢᠷᠠᠯ  ᠪᠢᠯᠬᠠᠭᠰᠠᠨ ᠯᠢᠶᠠᠩᠴᠧᠩ  ᠤᠨ ᠬᠢᠳᠡᠳ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19002733号-2