ᠯᠢᠶᠠᠩᠴᠧᠩ ᠰᠢᠶᠠᠨ ᠤ ᠬᠥᠳᠡᠭᠡ ᠲᠣᠰᠬᠤᠨ ᠤ ᠢᠲᠡᠭᠡᠮᠵᠢ ᠶᠢᠨ ᠬᠤᠯᠪᠣᠭᠠᠲᠤ ᠬᠤᠷᠰᠢᠶ᠎ᠠ᠄ ᠲᠣᠭᠠᠴᠠᠭ᠎ᠠ ᠬᠢᠬᠦ ᠦᠢᠯᠡᠴᠢᠯᠡᠭᠡ ᠶᠢ ᠰᠢᠯᠢᠳᠡᠭᠵᠢᠭᠦᠯᠵᠦ ᠮᠥᠩᠭᠦᠨ ᠭᠦᠢᠯᠭᠡᠭᠡᠨ ᠤ ᠳᠤᠯᠠᠭᠠᠨ ᠤ ᠬᠡᠮᠵᠢᠶ᠎ᠡ ᠶᠢ ᠳᠠᠮᠵᠢᠭᠤᠯᠤᠨ᠎ᠠ
ᠨᠡᠶᠢᠲᠡᠯᠡᠭᠰᠡᠨ ᠴᠠᠭ᠄
2024/5/27
   ᠠᠷᠠᠳ ᠤᠨ ᠵᠣᠭᠤᠰ ᠤᠨ ᠪᠡᠯᠡᠨ ᠵᠣᠭᠤᠰ ᠤᠨ ᠬᠡᠷᠡᠭᠯᠡᠯᠲᠡ ᠶᠢᠨ ᠣᠷᠴᠢᠨ ᠨᠥᠬᠦᠴᠡᠯ ᠢ ᠤᠯᠠᠮ ᠨᠢᠭᠡ ᠠᠯᠬᠤᠮ ᠰᠢᠯᠢᠳᠡᠭᠵᠢᠭᠦᠯᠵᠦ᠂ ᠡᠯ᠎ᠡ ᠲᠥᠷᠥᠯ ᠤᠨ ᠬᠡᠷᠡᠭᠯᠡᠭᠴᠢᠳ ᠤᠨ ᠣᠯᠠᠨ ᠶᠠᠩᠵᠤ ᠶᠢᠨ ᠪᠡᠯᠡᠨ ᠵᠣᠭᠤᠰ ᠤᠨ ᠲᠣᠭᠠᠴᠠᠭ᠎ᠠ ᠬᠢᠬᠦ ᠦᠢᠯᠡᠴᠢᠯᠡᠭᠡᠨ ᠤ ᠬᠡᠷᠡᠭᠴᠡᠭᠡ ᠱᠠᠭᠠᠷᠳᠠᠯᠭ᠎ᠠ ᠶᠢ ᠬᠠᠩᠭᠠᠬᠤ ᠶᠢᠨ ᠲᠤᠰᠠᠳᠠ᠃ ᠯᠢᠶᠠᠩᠴᠧᠩ ᠰᠢᠶᠠᠨ ᠤ ᠬᠥᠳᠡᠭᠡ ᠲᠣᠰᠬᠤᠨ ᠤ ᠢᠲᠡᠭᠡᠮᠵᠢ ᠶᠢᠨ ᠬᠤᠯᠪᠣᠭᠠᠲᠤ ᠬᠤᠷᠰᠢᠶ᠎ᠠ ᠡᠵᠡᠩᠨᠡᠯᠲᠡ ᠶᠢᠨ ᠲᠣᠣᠷ ᠴᠡᠭ ᠤᠨ ᠬᠠᠮᠤᠷᠬᠤ ᠬᠡᠪᠴᠢᠶᠡᠨ ᠳᠤ ᠰᠠᠭᠤᠷᠢᠯᠠᠵᠤ᠂ ᠲᠠᠷᠢᠶᠠᠯᠠᠩ ᠠᠷᠠᠯᠵᠢᠶᠠᠨ ᠤ ᠵᠠᠬ᠎ᠠ ᠳᠡᠯᠭᠡᠭᠦᠷ᠂ ᠬᠡᠲᠦ ᠳᠡᠯᠭᠡᠭᠦᠷ᠂ ᠨᠡᠶᠢᠭᠡᠮ ᠲᠣᠭᠤᠷᠢᠭ ᠵᠡᠷᠭᠡ ᠭᠤᠤᠯᠳᠠᠯᠭ᠎ᠠ ᠲᠠᠢ ᠣᠷᠣᠨ ᠪᠦᠰᠡ ᠶᠢᠨ ᠲᠣᠭᠤᠷᠢᠨ ᠳᠤ᠂ ᠠᠦ᠋ᠲ᠋ᠣ᠋ ᠯᠠᠩᠭᠦᠶ ᠶᠢᠨ ᠮᠠᠰᠢᠨ ᠤ ᠰᠤᠯᠠ ᠵᠣᠭᠤᠰ ᠢ ᠭᠠᠷᠭᠠᠨ ᠠᠪᠬᠤ ᠴᠢᠳᠠᠮᠵᠢ ᠶᠢ ᠪᠡᠶᠡᠯᠡᠭᠦᠯᠬᠦ ᠶᠢ ᠢᠳᠡᠪᠬᠢᠲᠡᠶ ᠠᠬᠢᠭᠤᠯᠵᠤ᠂ ︽ᠰᠤᠯᠠ ᠵᠣᠭᠤᠰᠣᠨ ᠪᠣᠭᠴᠣ︾᠎ ᠶᠢ ᠬᠡᠷ ᠲᠤᠨᠢ ᠬᠦᠷᠴᠦ ᠰᠡᠳᠬᠢᠯ ᠢ ᠳᠤᠯᠠᠭᠠᠴᠠᠭᠤᠯᠬᠤ ᠦᠢᠯᠡᠴᠢᠯᠡᠭᠡ ᠬᠠᠩᠭᠠᠵᠤ᠂ ᠰᠢᠶᠠᠨ ᠤ ᠬᠡᠪᠴᠢᠶᠡᠨ ᠤ ᠠᠵᠤ ᠠᠬᠤᠶ ᠶᠢᠨ ᠬᠥᠭᠵᠢᠯᠲᠡ ᠳᠤ ᠴᠢᠨᠠᠷ ᠰᠠᠶᠢᠲᠠᠶ ᠮᠥᠩᠭᠦᠨ ᠭᠦᠢᠯᠭᠡᠭᠡᠨ ᠤ ᠦᠢᠯᠡᠴᠢᠯᠡᠭᠡ ᠬᠠᠩᠭᠠᠨ᠎ᠠ᠃
         ᠣᠶᠢᠷ᠎ᠠ ᠶᠢᠨ ᠡᠳᠦᠷ ᠤᠳ ᠲᠤ᠂ ᠬᠤᠯᠪᠣᠭᠠᠲᠤ ᠬᠤᠷᠰᠢᠶ᠎ᠠ ᠶᠢᠨ ᠠᠵᠢᠯᠲᠠᠳ ᠰᠠᠨᠠᠭᠠᠴᠢᠯᠠᠭ᠎ᠠ ᠠᠴᠠ ᠪᠠᠨ ᠬᠡᠲᠦ ᠳᠡᠯᠭᠡᠭᠦᠷ᠂ ᠨᠡᠶᠢᠭᠡᠮ ᠲᠣᠭᠤᠷᠢᠭ ᠲᠤ ᠬᠦᠷᠴᠦ᠂ ᠬᠡᠷ ᠲᠤᠨᠢ ᠬᠦᠷᠴᠦ ︽ᠰᠤᠯᠠ ᠵᠣᠭᠤᠰᠣᠨ ᠪᠠᠭᠯᠠᠭ᠎ᠠ︾ ᠰᠣᠯᠢᠬᠤ ᠦᠢᠯᠡᠴᠢᠯᠡᠭᠡ ᠶᠢ ᠳᠡᠯᠭᠡᠷᠡᠭᠦᠯᠦᠨ᠂ ᠲᠡᠭᠦᠨ ᠤ ᠡᠳᠦᠷ ᠲᠤᠲᠤᠮ ᠤᠨ ᠰᠤᠯᠠ ᠵᠣᠭᠤᠰᠣᠨ ᠰᠣᠯᠢᠬᠤ ᠬᠡᠪᠴᠢᠶ᠎ᠡ ᠵᠢᠴᠢ ᠬᠡᠷᠡᠭᠴᠡᠭᠡ ᠶᠢ ᠣᠶᠢᠯᠠᠭᠠᠵᠤ᠂ ᠲᠤᠬᠠᠶ ᠶᠢᠨ ᠲᠠᠯᠠᠪᠤᠷ ᠲᠤ ᠡᠯ᠎ᠡ ᠲᠥᠷᠥᠯ ᠤᠨ ᠮᠥᠩᠭᠦᠨ ᠭᠦᠢᠯᠭᠡᠭᠡᠨ ᠤ ᠮᠡᠳᠡᠯᠭᠡ ᠶᠢᠨ ᠤᠬᠠᠭᠤᠯᠭ᠎ᠠ ᠶᠢᠨ ᠬᠠᠭᠤᠳᠠᠰᠤ ᠶᠢ ᠲᠠᠶᠢᠯᠪᠤᠷᠢᠯᠠᠨ ᠲᠠᠷᠬᠠᠭᠠᠵᠤ᠂ ᠵᠣᠭᠤᠰᠣᠨ ᠤ ᠬᠠᠭᠤᠷᠮᠠᠭ ᠢ ᠡᠰᠡᠷᠭᠦᠴᠡᠬᠦ ᠪᠠ ᠪᠡᠯᠡᠨ ᠵᠣᠭᠤᠰ ᠬᠤᠷᠢᠶᠠᠬᠤ ᠶᠢ ᠡᠰᠡᠷᠭᠦᠴᠡᠬᠦ ᠵᠡᠷᠭᠡ ᠲᠠᠯ᠎ᠠ ᠶᠢᠨ ᠮᠥᠩᠭᠦᠨ ᠭᠦᠢᠯᠭᠡᠭᠡᠨ ᠤ ᠮᠡᠳᠡᠯᠭᠡ ᠶᠢ ᠲᠦᠭᠡᠮᠡᠯᠵᠢᠭᠦᠯᠵᠦ᠂ ᠬᠡᠷᠡᠭᠯᠡᠭᠴᠢᠳ ᠤᠨ ᠬᠠᠤᠯᠢ ᠶᠣᠰᠣᠨ ᠤ ᠡᠷᠬᠡ ᠠᠰᠢᠭ ᠢ ᠪᠠᠲᠤᠯᠠᠪᠠ᠃ ᠬᠤᠩ ᠯᠢᠶᠠᠩ ᠬᠤᠯᠢᠰᠢᠨ ᠢᠳᠡᠭᠡᠨ ᠤ ᠳᠡᠯᠭᠡᠭᠦᠷ ᠤᠨ ᠡᠵᠡᠩᠨᠡᠭᠴᠢ ᠵᠣᠣ ᠬᠤᠩ ᠯᠢᠶᠠᠩ᠄ ︽ᠢᠲᠡᠭᠡᠮᠵᠢ ᠶᠢᠨ ᠬᠤᠷᠰᠢᠶ᠎ᠠ ᠶᠢᠨ ᠠᠵᠢᠯᠲᠠᠳ ᠦᠨᠡᠨ ᠬᠠᠭᠤᠷᠮᠠᠭ ᠵᠣᠭᠤᠰ ᠤᠨ ᠢᠯᠭᠠᠭ᠎ᠠ ᠶᠢ ᠲᠠᠶᠢᠯᠪᠤᠷᠢᠯᠠᠨ ᠥᠭᠴᠦ᠂ ᠪᠠᠰᠠ ᠪᠢᠳᠡᠨ ᠢ ᠬᠠᠪᠰᠤᠷᠤᠨ ᠰᠤᠯᠠ ᠵᠣᠭᠤᠰ ᠢ ᠰᠣᠯᠢᠭᠠᠳ ᠮᠠᠨ ᠤ ᠬᠤᠳᠠᠯᠳᠤᠭᠠᠨ ᠤ ᠡᠷᠦᠬᠡ ᠳᠤ ᠠᠪᠴᠤ ᠬᠡᠯᠡᠪᠡᠯ ᠮᠠᠰᠢ ᠳᠥᠭᠦᠮ ᠶᠤᠮ︾ ᠭᠡᠵᠦ ᠬᠡᠯᠡᠪᠡ᠃
        ᠬᠤᠩ ᠮᠤᠤ ᠪᠠᠯᠭᠠᠰᠤ ᠶᠢᠨ ᠮᠦᠸᠧ ᠯᠢ ᠾᠧ ᠬᠤᠪᠢᠶᠠᠷᠢ ᠬᠤᠷᠰᠢᠶ᠎ᠠ ᠳᠤ᠂ ATM ᠮᠠᠰᠢᠨ ᠢ ᠳᠡᠰ ᠳᠡᠪᠰᠢᠭᠦᠯᠦᠨ ᠥᠭᠡᠷᠡᠴᠢᠯᠡᠬᠦ ᠪᠠᠷ ᠳᠠᠮᠵᠢᠭᠤᠯᠤᠨ᠂ 100 ᠲᠥᠭᠦᠷᠢᠭ ᠤᠨ ᠪᠠᠷᠢᠮᠵᠢᠶᠠᠲᠤ ᠨᠢᠭᠤᠷ ᠤᠨ ᠠᠷᠠᠳ ᠤᠨ ᠵᠣᠭᠤᠰ ᠵᠠᠷᠤᠬᠤ ᠶᠢ ᠳᠡᠮᠵᠢᠭᠰᠡᠨ ᠰᠠᠭᠤᠷᠢᠨ ᠳᠡᠭᠡᠷ᠎ᠡ 10 ᠲᠥᠭᠦᠷᠢᠭ ᠤᠨ ᠵᠢᠵᠢᠭ ᠬᠡᠪᠴᠢᠶᠡᠨ ᠤ ᠪᠡᠯᠡᠨ ᠵᠣᠭᠤᠰ ᠤᠨ ᠵᠠᠷᠤᠯᠭ᠎ᠠ ᠶᠢᠨ ᠴᠢᠳᠠᠮᠵᠢ ᠶᠢ ᠨᠡᠮᠡᠵᠦ᠂ ᠵᠣᠴᠢᠨ ᠡᠷᠦᠬᠡ ᠪᠣᠳᠠᠲᠠᠶ ᠬᠡᠷᠡᠭᠴᠡᠭᠡ ᠪᠠᠨ ᠦᠨᠳᠦᠰᠦᠯᠡᠨ ᠵᠣᠭᠤᠰ ᠤᠨ ᠲᠤᠭ᠎ᠠ ᠶᠢᠨ ᠲᠤᠭ᠎ᠠ ᠶᠢ ᠰᠣᠩᠭᠤᠵᠤ᠂ ᠬᠡᠷᠡᠭᠯᠡᠭᠴᠢᠳ ᠤᠨ ᠬᠤᠷᠭᠤᠨ ᠠᠴᠠ ᠵᠢᠵᠢᠭ ᠬᠡᠪᠴᠢᠶᠡᠨ ᠤ ᠪᠡᠯᠡᠨ ᠵᠣᠭᠤᠰ ᠰᠣᠯᠢᠬᠤ ᠲᠤᠬᠠᠶᠢᠯᠠᠭᠰᠠᠨ ᠠᠵᠢᠯ ᠤᠨ ᠮᠥᠷᠯᠡᠬᠦ ᠴᠠᠭ ᠢ ᠪᠠᠭᠠᠰᠬᠠᠭᠰᠠᠨ ᠪᠠᠶᠢᠨ᠎ᠠ᠃ ᠡᠨᠡ ᠡᠳᠦᠷ ᠪᠢ ᠢᠲᠡᠭᠡᠮᠵᠢ ᠶᠢᠨ ᠬᠤᠷᠰᠢᠶ᠎ᠠ ᠠᠴᠠ ᠵᠣᠭᠤᠰ ᠭᠠᠷᠭᠠᠨ ᠠᠪᠴᠤ᠂ ᠠᠵᠢᠯᠲᠠᠨ ᠤ ᠲᠠᠨᠢᠯᠴᠠᠭᠤᠯᠭ᠎ᠠ ᠪᠠᠷ ᠵᠣᠭᠤᠰ ᠭᠠᠷᠭᠠᠨ ᠠᠪᠬᠤ ᠠᠦ᠋ᠲ᠋ᠣ᠋ ᠮᠠᠰᠢᠨ ᠠᠴᠠ ᠵᠠᠭᠤ ᠵᠢᠷᠠᠨ ᠲᠦᠭᠦᠷᠢᠭ ᠤᠨ ᠵᠣᠭᠤᠰ ᠭᠠᠷᠭᠠᠨ ᠠᠪᠬᠤ ᠳᠤ ᠲᠤᠩ ᠳᠥᠭᠦᠮ ᠪᠣᠯᠵᠠᠶ᠃ ATM ᠮᠠᠰᠢᠨ ᠳᠡᠭᠡᠷ᠎ᠡ ᠠᠴᠠ ᠪᠡᠯᠡᠨ ᠵᠣᠭᠤᠰ ᠭᠠᠷᠭᠠᠵᠤ ᠳᠠᠭᠤᠰᠬᠠᠭᠰᠠᠨ ᠬᠤᠩ ᠮᠤᠤ ᠪᠠᠯᠭᠠᠰᠤᠨ ᠤ ᠰᠠᠭᠤᠭᠠᠯᠢ ᠠᠷᠠᠳ ᠸᠠᠩ ᠵᠢᠶᠦ᠋ᠨ ᠭᠦᠸᠧ ᠬᠡᠯᠡᠪᠡ᠃
   ᠣᠶᠢᠯᠠᠭᠠᠭᠰᠠᠨ ᠢᠶᠠᠷ᠂ ᠣᠳᠣᠬᠠᠨ ᠳᠤ᠂ ᠰᠢᠨᠬᠤᠸᠠ ᠵᠡᠭᠡᠯᠢ ᠶᠢᠨ ᠢᠲᠡᠭᠡᠮᠵᠢ ᠶᠢᠨ ᠬᠤᠷᠰᠢᠶ᠎ᠠ᠂ ᠪᠸᠢ ᠴᠢᠶᠣᠤ ᠵᠠᠮ ᠤᠨ ᠬᠤᠪᠢᠶᠠᠷᠢ ᠬᠤᠷᠰᠢᠶ᠎ᠠ᠂ ᠬᠠᠭᠤᠴᠢᠨ ᠲᠠᠩᠬᠢᠮ ᠤᠨ ᠬᠤᠪᠢᠶᠠᠷᠢ ᠬᠤᠷᠰᠢᠶ᠎ᠠ᠂ ᠮᠦᠸᠧ ᠯᠢ ᠾᠧ ᠬᠤᠪᠢᠶᠠᠷᠢ ᠬᠤᠷᠢᠶ᠎ᠠ ᠵᠡᠷᠭᠡ 4 ᠠᠦ᠋ᠲ᠋ᠣ᠋ ᠯᠠᠩᠭᠦᠶ ᠶᠢᠨ ᠮᠠᠰᠢᠨ ᠢ ᠨᠢᠭᠡᠨᠲᠡ ᠲᠠᠰ ᠳᠡᠪᠰᠢᠭᠦᠯᠦᠨ ᠥᠭᠡᠷᠡᠴᠢᠯᠡᠵᠦ᠂ ᠬᠡᠷᠡᠭᠯᠡᠭᠴᠢ ᠶᠢᠨ ᠪᠡᠯᠡᠨ ᠵᠣᠭᠤᠰ ᠤᠨ ᠬᠡᠷᠡᠭᠯᠡᠭᠡᠨ ᠤ ᠬᠡᠷᠡᠭᠴᠡᠭᠡ ᠱᠠᠭᠠᠷᠳᠠᠯᠭ᠎ᠠ ᠳᠤ ᠲᠦᠢᠯ ᠤᠨ ᠶᠡᠭᠡ ᠲᠥᠬᠦᠮ ᠦᠵᠡᠭᠦᠯᠦᠭᠰᠡᠨ ᠪᠠᠶᠢᠨ᠎ᠠ᠃ ᠳᠠᠷᠠᠭᠠᠴᠢ ᠪᠠᠷ᠂ ᠯᠢᠶᠠᠩᠴᠧᠩ ᠰᠢᠶᠠᠨ ᠤ ᠬᠥᠳᠡᠭᠡ ᠲᠣᠰᠬᠤᠨ ᠤ ᠢᠲᠡᠭᠡᠮᠵᠢ ᠶᠢᠨ ᠬᠤᠯᠪᠣᠭᠠᠲᠤ ᠬᠤᠷᠰᠢᠶ᠎ᠠ ᠨᠡᠶᠢᠭᠡᠮ ᠤᠨ ᠬᠠᠷᠢᠭᠤᠴᠠᠯᠭ᠎ᠠ ᠪᠠᠨ ᠦᠷᠭᠦᠯᠵᠢᠯᠡᠨ ᠭᠦᠢᠴᠡᠳᠬᠡᠵᠦ᠂ ᠥᠷᠭᠡᠨ ᠤᠯᠠᠨ ᠠᠷᠠᠳ ᠲᠦᠮᠡᠨ ᠤ ᠪᠡᠯᠡᠨ ᠵᠣᠭᠤᠰ ᠤᠨ ᠦᠢᠯᠡᠴᠢᠯᠡᠭᠡᠨ ᠤ ᠬᠡᠷᠡᠭᠴᠡᠭᠡ ᠶᠢ ᠠᠩᠬᠠᠷᠴᠤ᠂ ᠤᠯᠠᠨ ᠡᠰᠢᠴᠢᠯᠡᠭᠰᠡᠨ ᠲᠣᠭᠠᠴᠠᠭ᠎ᠠ ᠬᠢᠬᠦ ᠠᠷᠭ᠎ᠠ ᠬᠡᠯᠪᠡᠷᠢ ᠶᠢ ᠬᠦᠳᠦᠯᠦᠨ ᠵᠢᠯᠣᠭᠤᠳᠴᠤ ᠵᠣᠷᠢᠭᠵᠢᠭᠤᠯᠵᠤ᠂ ᠠᠷᠠᠳ ᠤᠨ ᠵᠣᠭᠤᠰ ᠤᠨ ᠬᠠᠤᠯᠢ ᠪᠠᠷ ᠲᠣᠭᠲᠠᠭᠠᠭᠰᠠᠨ ᠪᠠᠶᠢᠷᠢ ᠰᠠᠭᠤᠷᠢ ᠶᠢ ᠬᠠᠮᠠᠭᠠᠯᠠᠬᠤ ᠶᠢᠨ ᠬᠠᠮᠲᠤ ᠤᠯᠠᠨ ᠵᠦᠢᠯ ᠤᠨ ᠠᠷᠭ᠎ᠠ ᠬᠡᠮᠵᠢᠶ᠎ᠡ ᠠᠪᠴᠤ᠂ ᠪᠡᠯᠡᠨ ᠵᠣᠭᠤᠰ ᠤᠨ ᠦᠢᠯᠡᠴᠢᠯᠡᠭᠡᠨ ᠤ ᠶᠠᠰᠤ ᠴᠢᠨᠠᠷ ᠢ ᠦᠷᠭᠦᠯᠵᠢᠯᠡᠨ ᠰᠢᠯᠢᠳᠡᠭᠵᠢᠭᠦᠯᠦᠨ ᠳᠡᠭᠡᠭᠰᠢᠯᠡᠭᠦᠯᠵᠦ᠂ ᠪᠡᠯᠡᠨ ᠵᠣᠭᠤᠰ ᠤᠨ ᠠᠷᠠᠳ ᠲᠦᠮᠡᠨ ᠳᠤ ᠦᠢᠯᠡᠴᠢᠯᠡᠵᠦ᠂ ᠤᠯᠠᠨ ᠲᠦᠮᠡᠨ ᠤ ᠬᠡᠷᠡᠭᠯᠡᠬᠦ ᠳᠤ ᠲᠦᠬᠦᠮ ᠦᠵᠡᠭᠦᠯᠬᠦ ᠶᠢ ᠦᠨᠡᠨ ᠬᠦ ᠪᠡᠶᠡᠯᠡᠭᠦᠯᠦᠨ᠎ᠡ᠃                                          ᠨᠠᠶᠢᠷᠠᠭᠤᠯᠤᠭᠴᠢ᠄   ᠶᠠᠩ  ᠿᠦᠢ ᠵᠧᠨ                                           ᠤᠷᠴᠢᠭᠤᠯᠤᠭᠴᠢ  ᠄   ᠼᠦᠢ ᠴᠢᠩ
 
ᠢᠷᠡᠯᠲᠡ᠄ ᠠᠮᠢᠵᠢᠷᠠᠯ  ᠪᠢᠯᠬᠠᠭᠰᠠᠨ ᠯᠢᠶᠠᠩᠴᠧᠩ  ᠤᠨ ᠬᠢᠳᠡᠳ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19002733号-2