ᠰᠢᠶᠠᠨ ᠤ ᠨᠠᠮ ᠤᠨ ᠬᠤᠷᠢᠶ᠎ᠠ ︽ᠨᠠᠮ ᠤᠨ ᠬᠤᠷᠢᠳᠤᠭᠠᠷ ᠬᠤᠭᠤᠴᠠᠭᠠᠨ ᠤ ᠭᠤᠷᠪᠠᠳᠤᠭᠠᠷ ᠪᠦᠬᠦᠳᠡ ᠬᠤᠷᠠᠯ ᠤᠨ ᠵᠣᠷᠢᠭ ᠰᠠᠨᠠᠭ᠎ᠠ ᠶᠢ ᠰᠤᠷᠤᠯᠴᠠᠨ ᠲᠤᠤᠱᠯᠠᠭᠤᠯᠵᠤ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭ᠎ᠠ ᠶᠢ ᠭᠦᠨᠵᠡᠭᠡᠶᠢᠷᠡᠭᠦᠯᠦᠨ ᠪᠣᠳᠠᠲᠠᠶᠢᠵᠢᠭᠤᠯᠬᠤ ᠶᠢ ᠠᠬᠢᠭᠤᠯᠬᠤ︾ ᠲᠤᠰᠬᠠᠢ ᠰᠡᠳᠦᠪᠲᠦ ᠨᠣᠮ ᠤᠩᠰᠢᠬᠤ ᠠᠩᠭᠢ ᠡᠬᠢᠯᠡᠪᠡ
ᠨᠡᠶᠢᠲᠡᠯᠡᠭᠰᠡᠨ ᠴᠠᠭ᠄
2024/8/22
    8 ᠰᠠᠷ᠎ᠠ ᠶᠢᠨ 19 ᠤ ᠡᠳᠦᠷ᠂ ᠯᠢᠶᠠᠩᠴᠧᠩ ᠰᠢᠶᠠᠨ ᠤ ᠨᠠᠮ ᠤᠨ ᠬᠤᠷᠢᠶ᠎ᠠ ᠶᠢᠨ ︽ᠨᠠᠮ ᠤᠨ ᠬᠤᠷᠢᠳᠤᠭᠠᠷ ᠬᠤᠭᠤᠴᠠᠭᠠᠨ ᠤ ᠭᠤᠷᠪᠠᠳᠤᠭᠠᠷ ᠪᠦᠬᠦᠳᠡ ᠬᠤᠷᠠᠯ ᠤᠨ ᠵᠣᠷᠢᠭ ᠰᠠᠨᠠᠭ᠎ᠠ ᠶᠢ ᠰᠤᠷᠤᠯᠴᠠᠨ ᠲᠤᠭᠤᠰᠢᠯᠠᠭᠤᠯᠵᠤ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭ᠎ᠠ ᠶᠢ ᠭᠦᠨᠵᠡᠭᠡᠶᠢᠷᠡᠭᠦᠯᠦᠨ ᠪᠣᠳᠠᠲᠠᠶᠢᠵᠢᠭᠤᠯᠬᠤ ᠶᠢ ᠠᠬᠢᠭᠤᠯᠬᠤ︾ ᠲᠤᠰᠬᠠᠢ ᠰᠡᠳᠦᠪᠲᠦ ᠨᠣᠮ ᠤᠩᠰᠢᠬᠤ ᠠᠩᠬᠢ ᠶᠢᠨ ᠰᠤᠷᠤᠯᠭ᠎ᠠ ᠡᠬᠢᠯᠡᠭᠰᠡᠨ ᠪᠥᠭᠡᠳ ᠰᠢᠶᠠᠨ ᠤ ᠨᠠᠮ ᠤᠨ ᠬᠤᠷᠢᠶ᠎ᠠ ᠶᠢᠨ ᠤᠨᠤᠯ ᠰᠤᠷᠤᠯᠴᠠᠬᠤ ᠭᠤᠣᠯ ᠳᠤᠭᠤᠶᠢᠯᠠᠩ ᠤᠨ 2024 ᠣᠨ ᠤ 10 ᠳ᠋ᠤᠭᠠᠷ ᠤᠳᠠᠭ᠎ᠠ ᠶᠢᠨ ᠲᠥᠪᠯᠡᠷᠡᠭᠦᠯᠦᠨ ᠰᠤᠷᠤᠯᠴᠠᠪᠠ᠃ ᠰᠢᠶᠠᠨ ᠤ ᠨᠠᠮ ᠤᠨ ᠬᠤᠷᠢᠶᠠᠨ ᠤ ᠱᠦᠵᠢ ᠯᠢᠦ ᠶᠢᠨ ᠲᠤᠤ ᠬᠤᠷᠠᠯ ᠡᠷᠭᠢᠯᠡᠭᠰᠡᠨ ᠪᠥᠭᠡᠳ ᠶᠠᠷᠢᠶ᠎ᠠ ᠲᠠᠯᠪᠢᠵᠤ᠂ ᠰᠢᠶᠠᠨ ᠤ ᠨᠠᠮ ᠤᠨ ᠬᠤᠷᠢᠶᠠᠨ ᠤ ᠳᠡᠳ᠋ ᠱᠦᠵᠢ᠂ ᠰᠢᠶᠠᠨ ᠤ ᠳᠠᠷᠤᠭ᠎ᠠ ᠵᠧᠩ ᠳ᠋ᠦᠩ ᠫᠢᠩ ᠵᠢᠴᠢ ᠰᠢᠶᠠᠨ ᠤ ᠱᠠᠲᠤᠨ ᠤ ᠨᠠᠮ ᠤᠨ ᠭᠡᠰᠢᠭᠦᠨ ᠤᠳᠤᠷᠢᠳᠬᠤ ᠨᠥᠬᠦᠳ ᠣᠷᠣᠯᠴᠠᠵᠠᠶ᠃      ᠯᠢᠦ ᠶᠢᠨ ᠲᠤᠤ᠂ ᠨᠠᠮ ᠤᠨ ᠬᠤᠷᠢᠳᠤᠭᠠᠷ ᠬᠤᠭᠤᠴᠠᠭᠠᠨ ᠤ ᠭᠤᠷᠪᠠᠳᠤᠭᠠᠷ ᠪᠦᠬᠦᠳᠡ ᠬᠤᠷᠠᠯ ᠤᠨ ᠵᠣᠷᠢᠭ ᠰᠠᠨᠠᠭ᠎ᠠ ᠶᠢ ᠪᠦᠬᠦ ᠲᠠᠯ᠎ᠠ ᠪᠠᠷ᠂ ᠰᠢᠰᠲ᠋ᠧᠮ ᠲᠠᠢ ᠰᠤᠷᠤᠯᠴᠠᠵᠤ᠂ ᠪᠦᠬᠦᠳᠡ ᠬᠤᠷᠠᠯ ᠤᠨ ᠵᠣᠷᠢᠭ ᠰᠠᠨᠠᠭᠠᠨ ᠤ ᠮᠥᠨ ᠴᠢᠨᠠᠷ ᠪᠣᠯᠤᠨ ᠪᠠᠶᠠᠯᠢᠭ ᠠᠭᠤᠯᠤᠭᠳᠠᠬᠤᠨ ᠢ ᠪᠦᠷᠢᠨ ᠪᠦᠲᠦᠨ ᠣᠨᠣᠪᠴᠢᠲᠠᠢ ᠣᠶᠢᠯᠠᠭᠠᠵᠤ᠂ ᠪᠦᠬᠦᠳᠡ ᠬᠤᠷᠠᠯ ᠤᠨ ᠵᠣᠷᠢᠭ ᠰᠠᠨᠠᠭ᠎ᠠ ᠶᠢ ᠦᠨᠡᠨᠬᠦ ᠮᠠᠨ ᠤ ᠰᠢᠶᠠᠨ ᠤ ᠠᠵᠤ ᠠᠬᠤᠢ ᠨᠡᠶᠢᠭᠡᠮ ᠤᠨ ᠴᠢᠨᠠᠷ ᠰᠠᠶᠢᠲᠠᠢ ᠬᠥᠭᠵᠢᠯᠲᠡ ᠶᠢ ᠠᠬᠢᠭᠤᠯᠬᠤ ᠪᠣᠳᠠᠲᠠᠢ ᠠᠷᠭ᠎ᠠ ᠬᠡᠮᠵᠢᠶ᠎ᠡ ᠪᠣᠯᠤᠨ ᠠᠮᠢᠳᠤᠯᠢᠭ ᠦᠢᠯᠡᠳᠦᠯᠭᠡ ᠪᠣᠯᠭᠠᠨ ᠬᠤᠪᠢᠷᠠᠭᠤᠯᠬᠤ ᠬᠡᠷᠡᠭᠲᠡᠢ᠃ ᠪᠦᠭᠦᠳᠡ ᠬᠤᠷᠠᠯ ᠤᠨ ᠵᠣᠷᠢᠭ ᠰᠠᠨᠠᠭ᠎ᠠ ᠶᠢ ᠰᠤᠷᠤᠯᠴᠠᠨ ᠲᠤᠭᠤᠰᠢᠯᠠᠭᠤᠯᠬᠤ ᠶᠢ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭ᠎ᠠ ᠶᠢ ᠰᠤᠷᠤᠯᠴᠠᠨ ᠲᠤᠭᠤᠰᠢᠯᠠᠭᠤᠯᠬᠤ ᠲᠠᠢ ᠤᠶᠠᠯᠳᠤᠭᠤᠯᠵᠤ᠂ ᠶᠡᠷᠦᠩᠬᠡᠢ ᠱᠦᠵᠢ ᠰᠢ ᠶᠢᠨ ᠫᠢᠩ ᠤᠨ ᠥᠪᠥᠷ ᠮᠣᠩᠭᠤᠯ ᠤᠨ ᠲᠤᠬᠠᠢ ᠴᠢᠬᠤᠯᠠ ᠵᠢᠭᠠᠪᠤᠷᠢ ᠶᠢᠨ ᠵᠣᠷᠢᠭ ᠰᠠᠨᠠᠭ᠎ᠠ ᠶᠢ ᠲᠤᠭᠤᠰᠢᠯᠠᠭᠤᠯᠤᠨ ᠨᠠᠶᠢᠳᠠᠪᠤᠷᠢᠵᠢᠭᠤᠯᠬᠤ ᠪᠠ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤ ᠴᠣᠭᠴᠠᠯᠠᠬᠤ ᠠᠵᠢᠯ ᠤᠨ ᠭᠤᠣᠯ ᠰᠢᠵᠢᠮ ᠲᠠᠢ ᠤᠶᠠᠯᠳᠤᠭᠤᠯᠵᠤ᠂ ︽ᠬᠤᠶᠠᠷ ᠢ ᠲᠣᠭᠲᠠᠭᠠᠬᠤ︾ ᠶᠢ ᠨᠡᠩ ᠡᠷᠡᠰ ᠪᠠᠲᠤ ᠤᠬᠠᠮᠰᠠᠷ ᠠᠴᠠ ᠪᠠᠨ ᠬᠦᠷᠢᠶᠡᠯᠡᠵᠦ᠂ ︽ᠬᠤᠶᠠᠷ ᠢ ᠬᠠᠮᠠᠭᠠᠯᠠᠬᠤ︾ ᠶᠢ ᠪᠡᠶᠡᠯᠡᠭᠦᠯᠬᠦ ᠬᠡᠷᠡᠭᠲᠡᠢ᠃ ᠲᠡᠷᠡ ᠴᠢᠭ ᠢᠶᠠᠷ ᠨᠢ ᠰᠤᠷᠤᠯᠴᠠᠵᠤ᠂ ᠦᠭᠡ ᠥᠭᠦᠯᠡᠪᠦᠷᠢ ᠶᠢ ᠳᠠᠷᠠᠭᠠᠯᠠᠨ ᠰᠤᠳᠤᠯᠵᠤ᠂ ᠰᠤᠷᠤᠭᠰᠠᠨ ᠢᠶᠠᠨ ᠤᠬᠠᠭᠠᠷᠠᠵᠤ᠂ ᠰᠤᠷᠤᠯᠴᠠᠭᠠᠳ ᠣᠯᠤᠯᠲᠠ ᠲᠠᠢ ᠪᠣᠯᠭᠠᠬᠤ ᠬᠡᠷᠡᠭᠲᠡᠶ᠃ ᠰᠤᠷᠤᠯᠴᠠᠯᠭ᠎ᠠ ᠶᠢᠨ ᠦᠷ᠎ᠡ ᠪᠦᠲᠦᠭᠡᠯ ᠢ ᠴᠠᠭ ᠲᠤᠬᠠᠢ ᠳᠤᠨᠢ ᠬᠤᠪᠢᠷᠠᠭᠤᠯᠵᠤ᠂ ᠬᠥᠭᠵᠢᠯᠲᠡ ᠶᠢᠨ ᠶᠠᠰᠤ ᠴᠢᠨᠠᠷ ᠦᠷ᠎ᠡ ᠠᠰᠢᠭ ᠢ ᠳᠡᠭᠡᠭᠰᠢᠯᠡᠭᠦᠯᠬᠦ᠂ ᠬᠥᠭᠵᠢᠯᠲᠡ ᠶᠢᠨ ᠬᠦᠴᠢᠷ ᠠᠰᠠᠭᠤᠳᠠᠯ ᠢ ᠰᠢᠢᠳᠪᠦᠷᠢᠯᠡᠬᠦ᠂ ᠠᠷᠠᠳ ᠤᠨ ᠠᠮᠢᠳᠤᠷᠠᠯ ᠤᠨ ᠪᠤᠶᠠᠨ ᠵᠢᠷᠭᠠᠯ ᠢ ᠨᠡᠮᠡᠭᠳᠡᠭᠦᠯᠬᠦ᠂ ᠠᠮᠤᠷ ᠲᠦᠪᠰᠢᠨ ᠤ ᠬᠤᠷᠢᠭ᠎ᠠ ᠱᠤᠭᠤᠮ ᠢ ᠪᠠᠬᠢᠵᠢᠭᠦᠯᠬᠦ᠂ ᠪᠦᠬᠦ ᠲᠠᠯ᠎ᠠ ᠪᠠᠷ ᠨᠠᠮ ᠢ ᠴᠢᠩᠭ᠎ᠠ ᠵᠠᠰᠠᠬᠤ ᠵᠡᠷᠭᠡ ᠠᠵᠢᠯ ᠳᠤ ᠠᠩᠬᠠᠷᠤᠯ ᠢᠶᠠᠨ ᠲᠥᠪᠯᠡᠷᠡᠭᠦᠯᠵᠦ᠂ ᠲᠤᠰ ᠲᠤᠰ ᠤᠨ ᠬᠤᠪᠢᠳᠠᠨ ᠬᠠᠮᠢᠶᠠᠷᠴᠤ ᠪᠠᠶᠢᠭ᠎ᠠ ᠬᠦᠷᠢᠶ᠎ᠡ ᠪᠣᠯᠤᠨ ᠠᠵᠢᠯ ᠤᠨ ᠪᠠᠶᠢᠷᠢ ᠶᠢᠨ ᠡᠭᠦᠷᠭᠡ ᠬᠠᠷᠢᠭᠤᠴᠠᠯᠭ᠎ᠠ ᠲᠠᠢ ᠪᠠᠨ ᠤᠶᠠᠯᠳᠤᠭᠤᠯᠵᠤ᠂ ᠥᠭᠡᠷᠡᠴᠢᠯᠡᠯᠲᠡ ᠶᠢᠨ ᠡᠭᠦᠷᠭᠡ ᠶᠢ ᠡᠮᠬᠢᠯᠡᠵᠦ᠂ ᠨᠢᠭᠡᠳᠦᠯᠲᠡᠢ ᠲᠥᠯᠥᠪᠵᠢᠭᠦᠯᠦᠨ ᠰᠦᠪᠡᠭᠴᠢᠯᠡᠵᠦ᠂ ᠭᠤᠣᠯᠳᠠᠯᠭ᠎ᠠ ᠲᠠᠢ ᠰᠢᠪᠲᠤᠯᠤᠯᠲᠠ ᠭᠠᠷᠭᠠᠵᠤ᠂ ᠥᠭᠡᠷᠡᠴᠢᠯᠡᠯᠲᠡ ᠶᠢ ᠴᠢᠨᠠᠭᠰᠢᠳᠠ ᠪᠦᠬᠦ ᠲᠠᠯ᠎ᠠ ᠪᠠᠷ ᠭᠦᠨᠵᠡᠭᠡᠶᠢᠷᠡᠭᠦᠯᠬᠦ ᠶᠢ ᠪᠦᠬᠦ ᠬᠦᠴᠦᠨ ᠢᠶᠠᠷ ᠢᠶᠠᠨ ᠠᠬᠢᠭᠤᠯᠬᠤ ᠬᠡᠷᠡᠭᠲᠡᠢ᠃    ᠲᠣᠰ ᠤᠳᠠᠭᠠᠨ ᠤ ᠨᠣᠮ ᠤᠩᠰᠢᠬᠤ ᠠᠩᠭᠢ 2 ᠡᠳᠦᠷ ᠤᠨ ᠬᠤᠭᠤᠴᠠᠭ᠎ᠠ ᠲᠠᠢ᠂ ᠭᠤᠤᠯᠳᠠᠭᠤ ᠲᠥᠪᠯᠡᠷᠡᠭᠦᠯᠦᠨ ᠥᠪᠡᠰᠦᠪᠡᠨ ᠰᠤᠷᠤᠯᠴᠠᠬᠤ᠂ ᠰᠤᠳᠤᠯᠤᠨ ᠶᠠᠷᠢᠯᠴᠠᠵᠤ ᠰᠣᠯᠢᠯᠴᠠᠬᠤ ᠵᠡᠷᠭᠡ ᠠᠷᠭ᠎ᠠ ᠮᠠᠶ᠋ᠢᠭ ᠢᠶᠠᠷ ᠶᠠᠪᠤᠭᠳᠠᠭᠤᠯᠤᠨ᠎ᠠ᠃                                     ᠨᠠᠶᠢᠷᠠᠭᠤᠯᠤᠭᠴᠢ᠄   ᠴᠧᠨ ᠰᠢᠶᠤᠤ ᠵᠢᠤᠸᠠᠨ                                     ᠤᠷᠴᠢᠭᠤᠯᠤᠭᠴᠢ  ᠄   ᠼᠦᠢ ᠴᠢᠩ                                                                    
 
ᠢᠷᠡᠯᠲᠡ᠄ ᠠᠮᠢᠵᠢᠷᠠᠯ  ᠪᠢᠯᠬᠠᠭᠰᠠᠨ ᠯᠢᠶᠠᠩᠴᠧᠩ  ᠤᠨ ᠬᠢᠳᠡᠳ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19002733号-2