ᠠᠩᠬᠠᠷ᠄ ᠡᠨᠡ ᠬᠡᠳᠦᠨ ᠵᠦᠢᠯ ᠤᠨ ᠵᠢᠮᠢᠰ ᠤᠨ ᠦᠷ᠎ᠡ ᠶᠢ ᠢᠲᠡᠵᠦ ᠤᠷᠤᠭᠤᠯᠬᠤ  ᠦᠭᠡᠢ ᠪᠤᠯ ᠰᠠᠶᠢᠨ
ᠨᠡᠶᠢᠲᠡᠯᠡᠭᠰᠡᠨ ᠴᠠᠭ᠄
2018-12-11
    ᠮᠠᠰᠢ ᠤᠯᠠᠨ ᠬᠦᠮᠦᠨ ᠵᠢᠮᠢᠰ ᠢᠲᠡᠬᠦ ᠳᠡᠭᠡᠨ ᠦᠷ᠎ᠡ ᠴᠦᠮ᠎ᠡ ᠲᠠᠢ ᠪᠠᠶᠢᠬᠤ  ᠡᠰᠡᠬᠦ   ᠶᠢ  ᠬᠠᠮᠢᠶᠠᠷᠤᠯ  ᠦᠭᠡᠢ   ᠪᠠᠷ ᠵᠠᠵᠢᠯᠤᠮᠤᠬᠠᠴᠠ ᠪᠠᠨ ᠵᠠᠯᠬᠢᠵᠤ ᠤᠷᠤᠭᠤᠯᠲᠠᠭ︔ ᠪᠠᠰᠠ ᠵᠠᠷᠢᠮ ᠬᠦᠮᠦᠨ ᠰᠢᠮ᠎ᠡ ᠲᠡᠵᠢᠭᠡᠯ ᠢ ᠨᠢ ᠬᠠᠶᠠᠬᠤ ᠦᠭᠡᠢ ᠭᠡᠵᠤ ᠦᠷ᠎ᠡ ᠴᠦᠮ᠎ᠡ ᠲᠠᠢ ᠨᠢ ᠢᠲᠡᠴᠢᠭᠡᠲᠡᠭ᠂ ᠦᠨᠡᠨ ᠳᠡᠭᠡᠨ ᠢᠩᠬᠢᠵᠦ ᠪᠦᠬᠦᠯᠢ ᠪᠠᠷ ᠨᠢ ᠢᠲᠡᠬᠦ ᠪᠤᠯ ᠮᠠᠰᠢ  ᠠᠶᠤᠮᠰᠢᠬᠲᠠᠢ  ᠪᠠᠶᠢᠲᠠᠭ᠃ ᠢᠤᠶᠢᠯᠢᠨ ᠬᠤᠲᠠ ᠶᠢᠨ ᠬᠤᠶᠠᠲᠤᠭᠠᠷ ᠡᠮᠨᠡᠯᠭᠡ ᠶᠢᠨ ᠬᠤᠷᠢᠶᠠᠨ ᠤ ᠰᠢᠩᠭᠡᠭᠡᠯᠳᠡ ᠶᠢᠨ ᠰᠠᠯᠠᠭᠠᠨ ᠤ ᠳᠡᠳ᠋  ᠡᠷᠬᠢᠯᠡᠭᠴᠢ  ᠡᠮᠴᠢ ᠴᠧᠨ ᠱᠢ ᠴᠢ ᠬᠡᠯᠡᠭᠰᠡᠨ ᠨᠢ᠂ ᠳᠠᠷᠪᠤᠰ ᠤᠨ ᠦᠷ᠎ᠡ᠂ ᠦᠵᠦᠮ ᠤᠨ ᠦᠷ᠎ᠡ᠂ ᠠᠯᠮᠤᠷᠠᠳ ᠤᠨ  ᠴᠦᠮ᠎ᠡ   ᠶᠢ  ᠬᠠᠶᠠ   ᠳᠠᠭᠠᠨ ᠵᠢᠭᠠᠬᠠᠨ ᠵᠠᠯᠬᠢᠵᠤ ᠤᠷᠤᠭᠤᠯᠬᠤ ᠳᠤ ᠬᠠᠮᠢᠶ᠎ᠠ ᠦᠭᠡᠢ︔ ᠬᠠᠷᠢᠨ ᠡᠷᠡᠬᠦᠯ ᠮᠠᠨᠳᠦ ᠳᠤ ᠳᠤᠰᠠᠲᠠᠢ ᠭᠡᠵᠤ ᠪᠤᠲᠤᠭᠠᠳ ᠵᠢᠮᠢᠰ   ᠤᠨ ᠦᠷ᠎ᠡ ᠶᠢ ᠵᠠᠯᠬᠢᠵᠤ ᠤᠷᠤᠭᠤᠯᠪᠠᠯ ᠳᠤᠰᠠ ᠭᠠᠷᠬᠤ ᠦᠭᠡᠢ  ᠮᠦᠷᠲᠡᠭᠡᠨ  ᠴᠢᠨᠠᠬᠰᠢᠯᠠᠪᠠᠯ  ᠡᠷᠡᠬᠦᠯ  ᠮᠠᠨᠳᠦ   ᠶᠢ  ᠨᠦᠯᠦᠭᠡᠯᠡᠵᠦ ᠮᠡᠲᠡᠨ᠎ᠡ᠃          ᠨᠢᠭᠡ᠂ ᠦᠵᠦᠮ ᠤᠨ ᠦᠷ᠎ᠡ᠃ ᠦᠵᠦᠮ ᠤᠨ ᠦᠷ᠎ᠡ ᠶᠢᠨ ᠳᠤᠳᠤᠷᠠᠬᠢ ᠰᠢᠮ᠎ᠡ ᠲᠡᠵᠢᠭᠡᠯ ᠨᠢ ᠠᠮᠠᠷᠬᠠᠨ  ᠰᠢᠩᠭᠡᠲᠡᠭ ᠦᠭᠡᠢ᠂ ᠬᠡᠷᠪᠡ ᠵᠠᠵᠢᠯᠵᠤ ᠬᠡᠮᠬᠡᠴᠢᠪᠡᠯ ᠪᠡᠶ᠎ᠡ ᠳᠤ ᠰᠢᠩᠭᠡᠬᠦ ᠳᠡᠵᠢᠭᠡᠯ ᠪᠤᠲᠠᠰ ᠨᠢ ᠮᠠᠰᠢ  ᠪᠠᠭ᠎ᠠ  ᠮᠦᠷᠲᠡᠭᠡᠨ  ᠪᠠᠰᠠ  ᠵᠠᠪᠠᠭᠠᠨ ᠠᠮᠲᠠᠭᠲᠠᠲᠠᠭ᠃ ᠦᠵᠦᠮ ᠤᠨ ᠦᠷ᠎ᠡ ᠶᠢᠨ ᠲᠤᠲᠤᠷᠠᠬᠢ ᠦᠯᠡᠮᠵᠢ ᠬᠡᠮᠵᠢᠶᠡᠨ   ᠤ  ᠲᠠᠨᠨᠢᠨ   ᠨᠢ  ᠬᠡᠯᠡ᠂  ᠠᠮᠠᠨ  ᠬᠦᠨᠳᠡᠢ᠂ ᠤᠯᠠᠭᠠᠨ ᠬᠤᠭᠤᠯᠠᠢ ᠶᠢᠨ ᠭᠠᠲᠠᠷᠭᠤ ᠶᠢᠨ ᠤᠭᠤᠷᠠᠭ ᠢ ᠴᠠᠷᠴᠠᠭᠠᠬᠤ ᠪᠤᠯᠤᠨ᠎ᠠ᠃          ᠬᠤᠶᠠᠷ᠂ ᠠᠨᠠᠷ ᠤᠨ ᠦᠷ᠎ᠡ᠃ ᠠᠨᠠᠷ ᠤᠨ ᠦᠷ᠎ᠡ ᠶᠢᠨ ᠳᠤᠳᠤᠷ᠎ᠠ  ᠵᠤᠬᠢᠬᠤ  ᠬᠡᠮᠵᠢᠶᠡᠨ   ᠤ  ᠵᠢᠮᠢᠰ   ᠤᠨ  ᠬᠦᠴᠢᠯ ᠠᠬᠤᠭᠤᠯᠤᠬᠲᠠᠵᠤ ᠪᠠᠶᠢᠭ᠎ᠠ ᠪᠤᠯᠬᠤᠷ ᠭᠡᠳᠡᠰᠦ᠂ ᠬᠤᠲᠤᠭᠤᠲᠤ ᠶᠢ ᠭᠡᠮᠳᠦᠭᠡᠵᠦ ᠮᠡᠲᠡᠨ᠎ᠡ᠃           ᠭᠤᠷᠪᠠ᠂ ᠢᠩᠳᠤᠤᠷ᠃ ᠢᠩᠲᠤᠤᠷ ᠤᠨ ᠴᠦᠮ᠎ᠡ ᠬᠡᠮᠬᠡᠷᠡᠬᠦ ᠪᠤᠶᠤ ᠵᠢᠭᠠᠬᠠᠨ  ᠰᠡᠪᠲᠡᠪᠡᠯ  ᠤᠰᠤᠳᠦ᠋ᠷᠦᠭᠴᠢ  ᠼᠢᠶᠠᠨ ᠬᠦᠴᠢᠯ ᠢ ᠪᠦᠷᠢᠯᠳᠦᠬᠦᠯᠦᠨ᠎ᠡ᠃ ᠡᠶᠢᠮᠦ ᠳᠤ ᠢᠩᠲᠤᠤᠷ ᠤᠨ ᠴᠦᠮ᠎ᠡ ᠢᠲᠡᠭᠡᠳ ᠬᠦᠩᠭᠡᠨ ᠬᠤᠤᠷᠲᠠᠪᠠᠯ ᠳᠤᠯᠤᠭᠠᠢ  ᠡᠪᠡᠳᠬᠦ᠂ ᠳᠤᠯᠤᠭᠠᠢ ᠡᠷᠬᠢᠬᠦ᠂ ᠳᠤᠳᠤᠷ᠎ᠠ  ᠤᠶᠢᠮᠤᠷᠬᠤ  ᠪᠠ  ᠪᠦᠭᠡᠯᠵᠢᠬᠦ  ᠪᠠᠶᠢᠲᠠᠯ  ᠭᠠᠷᠲᠠᠭ᠃  ᠤᠰᠤᠳᠦ᠋ᠷᠦᠭᠴᠢ  ᠼᠢᠶᠠᠨ  ᠬᠦᠴᠢᠯ ᠠᠷᠪᠢᠲᠤᠪᠠᠯ ᠠᠮᠢᠰᠬᠤᠯ ᠴᠢᠬᠤᠯᠲᠠᠵᠤ᠂ ᠴᠢᠰᠦᠨ ᠲᠠᠷᠤᠯᠲᠠ ᠲᠡᠭᠡᠭᠰᠢᠯᠡᠨ᠂  ᠵᠢᠷᠦᠬᠡᠨ  ᠯᠤᠬᠰᠢᠯᠲᠠ  ᠳᠦᠷᠭᠡᠰᠴᠦ᠂  ᠪᠦᠭᠡᠷ᠎ᠡ ᠮᠠᠭᠤᠲᠠᠬᠤ ᠪᠤᠯᠤᠨ᠎ᠠ᠃ ᠳᠡᠬᠦᠨᠴᠢᠯᠠᠨ ᠮᠠᠨᠠᠷᠠᠬᠤ᠂ ᠲᠠᠲᠠᠪᠠᠯᠵᠠᠬᠤ ᠪᠠᠶᠢᠲᠠᠯ ᠭᠠᠷᠴᠦ᠂ ᠬᠦᠨᠳᠦᠷᠡᠭᠰᠡᠨ ᠦᠶ᠎ᠡ ᠳᠤ ᠠᠮᠢᠰᠬᠤᠯ ᠤᠨ ᠵᠠᠮ ᠪᠦᠭᠯᠡᠷᠡᠲᠡᠭ᠃          ᠡᠩ ᠤᠨ ᠪᠠᠶᠢᠲᠠᠯ ᠳᠤᠤᠷ᠎ᠠ᠂ ᠭᠦᠵᠡᠯᠵᠡᠭᠡᠨ᠎ᠡ᠂ ᠳᠦᠪᠡᠳ ᠬᠠᠰᠢ ᠵᠡᠷᠭᠡ ᠶᠢᠨ ᠦᠷ᠎ᠡ ᠶᠢ ᠢᠲᠡᠬᠦ ᠳᠤ ᠬᠠᠮᠢᠶ᠎ᠠ ᠦᠭᠡᠢ ᠪᠤᠯᠪᠠᠴᠦ ᠬᠦᠮᠦᠨ ᠤ ᠬᠤᠲᠤᠭᠤᠲᠤ ᠭᠡᠳᠡᠰᠦᠨ ᠳᠤ ᠰᠢᠩᠭᠡᠬᠦ ᠦᠭᠡᠢ ᠪᠠᠶᠢᠲᠠᠭ᠃ ᠵᠠᠷᠢᠮ  ᠵᠢᠮᠢᠰ   ᠤᠨ  ᠦᠷ᠎ᠡ   ᠶᠢ  ᠴᠢᠨᠠᠵᠤ ᠪᠤᠯᠤᠭᠤᠭᠰᠠᠨ ᠤ ᠲᠠᠷᠠᠭ᠎ᠠ ᠰᠠᠶᠢᠬᠠᠨ ᠠᠮᠲᠠ ᠲᠠᠢ ᠪᠤᠯᠲᠠᠭ᠂ ᠵᠢᠱᠢᠶᠡᠯᠡᠪᠡᠯ ᠬᠠᠨ ᠪᠤᠷᠭᠤᠴᠠᠢ᠂ ᠳ᠋ᠦᠷᠢᠦ  ᠮᠤᠲᠤ   ᠶᠢᠨ  ᠦᠷ᠎ᠡ ᠵᠡᠷᠭᠡ ᠶᠢ ᠴᠢᠨᠠᠭᠠᠳ ᠢᠲᠡᠪᠡᠯ ᠰᠠᠶᠢᠬᠠᠨ ᠪᠠᠶᠢᠲᠠᠭ᠃                                          ᠬᠠᠷᠢᠭᠤᠴᠠᠭᠰᠠᠨ ᠨᠠᠶᠢᠷᠠᠭᠤᠯᠤᠭᠴᠢ᠄ ᠰᠤᠪᠤᠳ
 
ᠢᠷᠡᠯᠲᠡ᠄  ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19002733号-2