ᠺᠤᠮᠫᠢᠦ᠋ᠲ᠋ᠧᠷ ᠢ ᠵᠦᠪ ᠡᠳ᠋ᠯᠡᠵᠦ ᠡᠷᠡᠭᠦᠯ ᠮᠡᠨᠳᠤ ᠪᠠᠨ ᠬᠤᠬᠢᠷᠠᠭᠤᠯᠬᠤ ᠠᠴᠠ ᠰᠡᠷᠭᠡᠶᠢᠯᠡᠶ᠎ᠡ
ᠨᠡᠶᠢᠲᠡᠯᠡᠭᠰᠡᠨ ᠴᠠᠭ᠄
2018-09-03
          ᠰᠠᠴᠤᠷᠠᠭ ᠨᠢ ᠳᠤᠳᠤᠭᠠᠳᠤ ᠱᠦᠭᠦᠷᠡᠯ ᠢ ᠰᠠᠮᠠᠭᠤᠷᠠᠭᠤᠯᠵᠤ᠂ ᠨᠢᠳᠤ ᠬᠠᠭᠤᠷᠠᠶᠢᠰᠢᠭᠤᠯᠵᠤ᠂ ᠰᠡᠳᠭᠢᠯ ᠢ ᠦᠢᠮᠦᠷᠡᠭᠤᠯᠦᠨ ᠤᠢ ᠪᠢᠯᠢᠭ ᠢ ᠮᠠᠭᠤᠳᠠᠭᠤᠯᠳᠠᠭ᠃      ᠺᠤᠮᠫᠢᠦ᠋ᠲ᠋ᠧᠷ ᠤᠨ ᠠᠷᠤ ᠳᠠᠯ᠎ᠠ ᠶᠢᠨ ᠰᠠᠴᠤᠷᠠᠭ ᠨᠢ ᠬᠠᠮᠤᠭ ᠤᠨ ᠴᠢᠩᠭ᠎ᠠ᠂ ᠬᠤᠶᠠᠷ ᠬᠠᠵᠠᠭᠤ ᠶᠢᠨ ᠰᠠᠴᠤᠷᠠᠭ ᠨᠢ ᠳᠠᠷᠠᠭ᠎ᠠ ᠨᠢ ᠤᠷᠤᠳᠠᠭ᠂ ᠢᠢᠮᠦ ᠠᠴᠠ ᠺᠤᠮᠫᠢᠦ᠋ᠲ᠋ᠧᠷ ᠤᠨ ᠠᠷᠤ ᠪᠠ ᠬᠤᠶᠠᠷ ᠬᠠᠵᠠᠭᠤ ᠠᠴᠠ ᠬᠤᠯᠠ ᠪᠠᠶᠢᠪᠠᠯ ᠵᠤᠬᠢᠨ᠎ᠠ᠃ ᠳᠠᠬᠢᠪᠠᠯ᠂ ᠴᠠᠢ ᠤᠤᠭᠤᠨ᠎ᠠ᠃ ᠴᠠᠢ ᠶᠢᠨ ᠨᠠᠪᠴᠢᠨ ᠳᠤ ᠴᠠᠢ ᠶᠢᠨ ᠹᠧᠨᠤᠯ ᠵᠡᠷᠭᠡ ᠢᠳᠡᠪᠬᠢ ᠪᠤᠳᠠᠰ ᠪᠠᠶᠢᠵᠤ ᠰᠠᠴᠤᠷᠠᠭ ᠤᠨ ᠪᠤᠬᠢᠷᠳᠤᠯ ᠢ ᠡᠰᠡᠷᠭᠦᠴᠡᠵᠦ᠂ ᠪᠡᠶ᠎ᠡ ᠶᠢᠨ ᠴᠢᠳᠠᠪᠬᠢ ᠶᠢ ᠵᠤᠬᠢᠴᠠᠭᠤᠯᠬᠤ ᠳᠤ ᠠᠰᠢᠬᠳᠠᠢ ᠪᠠᠶᠢᠳᠠᠭ᠃ ᠺᠤᠮᠫᠢᠦ᠋ᠲ᠋ᠧᠷ ᠭᠡᠷᠡᠭᠯᠡᠭᠰᠡᠨ ᠤ ᠪᠠᠨ ᠳᠠᠷᠠᠭ᠎ᠠ ᠨᠢᠭᠤᠷ ᠭᠠᠷ ᠢᠶᠠᠨ ᠤᠭᠢᠶᠠᠵᠤ᠂ ᠳᠤᠯᠪᠤ ᠡᠰᠡᠷᠭᠡᠨ᠎ᠠ ᠭᠠᠷᠬᠤ᠂ ᠪᠤᠳᠤᠭᠳᠤ ᠡᠳ᠋ ᠳᠤᠩᠬᠤ ᠪᠤᠶᠤ ᠠᠷᠠᠰᠤ ᠡᠪᠡᠳᠴᠢᠯᠡᠬᠦ ᠠᠴᠠ ᠵᠠᠶᠢᠯᠠᠰᠬᠢᠬᠤ ᠭᠡᠷᠡᠭᠳᠡᠢ᠃  
 
     ᠺᠤᠮᠫᠢᠦ᠋ᠲ᠋ᠧᠷ ᠤᠨ ᠬᠦᠮᠦᠨ ᠤ ᠪᠡᠶ᠎ᠡ ᠳᠤ ᠦᠵᠡᠭᠦᠯᠬᠦ ᠬᠤᠤᠷ ᠨᠦᠯᠦᠭᠡ      ᠨᠢᠳᠤ᠄ ᠨᠢᠳᠤ ᠬᠠᠭᠤᠷᠠᠶᠢᠰᠢᠬᠤ᠂ ᠨᠢᠳᠤ ᠬᠢᠯᠠᠰᠬᠤ᠂ ᠬᠠᠷᠠᠭ᠎ᠠ ᠪᠠᠯᠠᠷᠠᠬᠤ᠃     ᠰᠠᠴᠤᠷᠠᠭ ᠤᠨ ᠬᠤᠤᠷ᠄ ᠦᠷᠡᠵᠢᠯ ᠤᠨ ᠴᠢᠳᠠᠪᠤᠷᠢ ᠳᠤᠷᠦ᠋ᠢᠳᠠᠬᠤ᠂ ᠳᠤᠳᠤᠭᠠᠳᠤ ᠱᠦᠭᠦᠷᠡᠯ ᠰᠠᠮᠠᠭᠤᠷᠠᠬᠤ᠃     ᠭᠠᠷ ᠬᠤᠷᠤᠭᠤ᠄ ᠭᠠᠷ ᠬᠤᠷᠤᠭᠤ ᠮᠢᠨᠴᠤᠭᠦᠷᠡᠬᠦ᠂ ᠱᠠᠷᠭᠢᠷᠡᠵᠦ ᠴᠢᠨᠦᠷᠡᠬᠦ᠂ ᠬᠦᠰᠢᠬᠦ᠃     ᠠᠭᠤᠷ ᠤᠴᠠᠭᠠᠷ ᠶᠡᠬᠡᠰᠬᠦ᠄ ᠰᠡᠳᠭᠢᠯ ᠦᠢᠮᠦᠷᠡᠵᠦ᠂ ᠪᠠᠴᠢᠮᠳᠠᠭᠤ ᠪᠤᠯᠤᠨ᠎ᠠ᠃     ᠬᠦᠵᠦᠭᠦᠦ ᠰᠡᠭᠡᠷ᠄ ᠬᠦᠵᠦᠭᠦᠦ ᠰᠡᠭᠡᠷ᠂ ᠳᠠᠯᠤ ᠮᠦᠷᠦ᠂ ᠨᠢᠷᠤᠭᠤ ᠱᠠᠷᠭᠢᠷᠠᠵᠤ ᠡᠪᠡᠳᠬᠦ᠃     ᠪᠢᠴᠢᠵᠦ ᠴᠢᠳᠠᠬᠤ ᠦᠭᠡᠢ ᠪᠤᠯᠬᠤ᠄ ᠪᠢᠷ ᠪᠠᠷᠢᠭᠠᠳ ᠦᠰᠦᠭ ᠢᠶᠠᠨ ᠮᠠᠷᠳᠠᠬᠤ᠂ ᠪᠤᠷᠤᠭᠤ ᠵᠦᠷᠢᠭᠦᠦ ᠦᠰᠦᠭ ᠤᠯᠠᠨ ᠪᠢᠴᠢᠬᠦ᠃                                                    ᠨᠠᠶᠢᠷᠠᠭᠤᠯᠤᠭᠴᠢ᠄ ᠪᠣᠣ ᠮᠧᠢ ᠷᠥᠩ   
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19002733号-2