| ᠤᠢᠢᠷ᠎ᠡ ᠶᠢᠨ ᠵᠢᠯ ᠠᠴᠠ ᠸᠢᠲ᠋ᠠᠮᠢᠨ D ᠶᠢᠨ ᠡᠷᠡᠭᠦᠯ ᠮᠡᠨᠳᠦ ᠳᠤ ᠦᠵᠡᠭᠦᠯᠬᠦ ᠦᠢᠯᠡᠳᠦᠯ ᠤᠨ ᠳᠤᠬᠠᠢ | ᠰᠢᠨ᠎ᠠ ᠰᠢᠨ᠎ᠠ ᠰᠤᠳᠤᠯᠭᠠᠨ ᠤ ᠳ᠋ᠦᠩ ᠤᠳ ᠳᠠᠰᠤᠷᠠᠯᠳᠠ ᠦᠭᠡᠢ ᠭᠠᠷᠴᠤ ᠪᠠᠶᠢᠨ᠎ᠠ᠃ ︽ᠠᠩᠭ᠍ᠯᠢ ᠶᠢᠨ ᠠᠨᠠᠭᠠᠬᠤ | ᠤᠬᠠᠭᠠᠨ ᠤ ᠰᠡᠳᠭᠦᠯ︾ ᠳᠤ ᠨᠡᠶᠢᠳᠡᠯᠡᠭᠰᠡᠨ ᠰᠢᠨ᠎ᠡ ᠰᠤᠳᠤᠯᠭᠠᠨ ᠤ ᠳ᠋ᠦᠩ ᠳᠤ᠂ ᠴᠢᠰᠦᠨ ᠡᠭᠡᠳᠡᠩ ᠳᠠᠬᠢ | ᠸᠢᠲ᠋ᠠᠮᠢᠨ D ᠶᠢᠨ ᠳᠦᠪᠰᠢᠨ ᠨᠢ ᠦᠮᠡᠨ ᠳᠤ ᠨᠡᠷᠪᠡᠭᠳᠡᠬᠦ ᠠᠶᠤᠯ ᠲᠠᠢ ᠤᠷᠪᠠᠭᠤ ᠬᠠᠷᠢᠴᠠᠭ᠎ᠠ ᠲᠠᠢ ᠭᠡᠵᠡᠢ᠃ ᠳᠠᠷᠤᠢ | ᠬᠦᠮᠦᠨ ᠤ ᠪᠡᠶ᠎ᠡ ᠶᠢᠨ ᠸᠢᠲ᠋ᠠᠮᠢᠨ D ᠶᠢ ᠰᠢᠩᠭᠡᠭᠡᠨ ᠠᠪᠤᠭᠰᠠᠨ ᠬᠡᠮᠵᠢᠶ᠎ᠠ ᠨᠢ ᠬᠠᠩᠭᠠᠯᠳᠠ ᠲᠠᠢ ᠪᠠᠶᠢᠬᠤ ᠶᠢ | ᠪᠠᠳᠤᠯᠠᠬᠤ ᠨᠢ ᠦᠮᠡᠨ ᠢ ᠰᠡᠷᠭᠡᠶᠢᠯᠡᠬᠦ ᠦᠢᠯᠡᠳᠦᠯ ᠲᠠᠢ ᠭᠡᠰᠡᠨ ᠦᠭᠡ᠃ | ᠪᠦᠬᠦ ᠲᠠᠯᠠᠬᠡᠢ ᠶᠢᠨ ᠸᠢᠲ᠋ᠠᠮᠢᠨD ᠲᠤᠳᠠᠭᠳᠠᠭᠰᠠᠳ10 ᠳ᠋ᠦᠩᠰᠢᠭᠤᠷ ᠬᠦᠷᠴᠠᠢ | ᠳᠡᠭᠡᠷ᠎ᠡ ᠳᠤᠷᠠᠳᠤᠬᠰᠠᠨ ᠰᠤᠳᠤᠯᠭᠠᠨ ᠢ ᠶᠠᠫᠤᠨ ᠤ ᠳᠤᠤᠺᠢᠣ᠋ ᠶᠢᠨ ᠤᠯᠤᠰ ᠠᠴᠠ ᠡᠷᠭᠢᠯᠡᠭᠰᠡᠨ ᠦᠮᠡᠨ ᠰᠤᠳᠤᠯᠬᠤ | ᠳᠦᠪ ᠤᠨ ᠬᠢᠨ ᠬᠦᠢᠴᠡᠳᠭᠡᠭᠰᠡᠨ ᠶᠤᠮ ᠪᠠᠶᠢᠨ᠎ᠠ᠂ ᠳᠡᠷᠡ ᠨᠢ 14 ᠳᠦᠮᠡᠨ ᠬᠦᠮᠦᠨ ᠢ ᠤᠷᠤᠯᠴᠠᠭᠤᠯᠵᠤ᠂ 20 | ᠵᠢᠯ ᠤᠨ ᠬᠤᠭᠤᠴᠠᠭ᠎ᠠ ᠲᠠᠢ ᠤᠷᠳᠤ ᠦᠷᠭᠦᠯᠵᠢᠯᠡᠭᠰᠡᠨ ᠰᠤᠳᠤᠯᠭᠠᠨ ᠠᠵᠢ᠃ ᠰᠤᠳᠤᠯᠭᠠᠨ ᠤ ᠳ᠋ᠦᠩ ᠳᠤ᠂ | ᠴᠢᠰᠦᠨ ᠤ ᠡᠭᠡᠳᠡᠩ ᠤᠨ ᠸᠢᠲ᠋ᠠᠮᠢᠨ D ᠶᠢᠨ ᠦᠳᠭᠡᠴᠡ ᠨᠢ ᠬᠠᠮᠤᠭ ᠤᠨ ᠳᠤᠤᠷ᠎ᠠ ᠳᠡᠷᠡ | ᠳᠤᠭᠤᠢᠢᠯᠠᠩ ᠤᠨ ᠬᠢᠨ ᠲᠠᠢ ᠬᠠᠷᠢᠴᠠᠭᠤᠯᠪᠠᠯ᠂ ᠸᠢᠲ᠋ᠠᠮᠢᠨ D ᠶᠢᠨ ᠦᠳᠭᠡᠴᠡ ᠬᠠᠮᠤᠭ ᠤᠨ ᠦᠨᠳᠦᠷ | ᠳᠤᠭᠤᠢᠢᠯᠠᠩ ᠤᠨ ᠬᠦᠮᠦᠨ ᠤ ᠦᠮᠡᠨ ᠳᠤ ᠨᠡᠷᠪᠡᠭᠳᠡᠬᠦ ᠠᠶᠤᠯ 22% ᠳᠤᠤᠷ᠎ᠠ ᠪᠠᠶᠢᠵᠠᠢ᠃ ᠳᠡᠭᠡᠭᠡᠳ ᠸᠢᠲ᠋ᠠᠮᠢᠨ D | ᠳᠤᠳᠠᠭᠳᠠᠭᠰᠠᠨ ᠠᠴᠠ ᠪᠤᠯᠳᠠᠭ ᠬᠠᠮᠤᠭ ᠤᠨ ᠠᠶᠤᠯ ᠲᠠᠢ ᠡᠯᠢᠭᠡᠨ ᠤ ᠦᠮᠡᠨ ᠳᠤ ᠨᠡᠷᠪᠡᠭᠳᠡᠬᠦ ᠠᠶᠤᠯ 55% ᠢᠶᠠᠷ | ᠪᠠᠭᠤᠷᠠᠬᠰᠠᠨ ᠪᠠᠶᠢᠪᠠ᠃ ᠤᠨᠴᠠᠭᠠᠢᠢᠯᠠᠨ ᠸᠢᠲ᠋ᠠᠮᠢᠨ D ᠶᠢᠨ ᠦᠳᠭᠡᠴᠡ ᠦᠨᠳᠦᠷ ᠳᠤᠭᠤᠢᠢᠯᠠᠩ ᠤᠨ ᠡᠯᠢᠭᠡᠨ ᠤ | ᠦᠷᠪᠢᠰᠦᠯ ᠲᠠᠢ ᠡᠪᠡᠳᠴᠢᠳᠠᠨ ᠤ ᠡᠯᠢᠭᠡᠨ ᠦᠮᠡᠨ ᠪᠤᠯᠬᠤ ᠠᠶᠤᠯ 80% ᠢᠶᠠᠷ ᠪᠠᠭᠤᠷᠠᠭᠰᠠᠨ ᠪᠠᠶᠢᠨ᠎ᠠ᠃ | ︽ᠤᠷᠳᠤ ᠬᠤᠭᠤᠴᠠᠭᠠᠨ ᠤ ᠳᠤᠷᠰᠢᠳᠠ᠂ ᠸᠢᠲ᠋ᠠᠮᠢᠨ D ᠶᠢ ᠶᠡᠷᠦᠳᠡᠭᠡᠨ ᠨᠢᠭᠡ ᠵᠦᠢᠯ ᠤᠨ ᠠᠷᠠᠭ ᠶᠠᠰᠤᠨ ᠤ | ᠡᠷᠡᠭᠦᠯ ᠮᠡᠨᠳᠦ ᠳᠤ ᠳᠤᠰᠠᠳᠠᠢ ᠰᠢᠮ᠎ᠡ ᠳᠡᠵᠢᠭᠡᠯ ᠤᠨ ᠡᠳ᠋ ᠭᠡᠵᠦ ᠦᠵᠡᠭᠰᠡᠭᠡᠷ ᠢᠷᠡᠵᠡᠢ᠂ ᠭᠡᠪᠡᠴᠦ ᠤᠢᠢᠷ᠎ᠡ ᠶᠢᠨ | ᠵᠢᠯ ᠤᠳ ᠤᠨ ᠰᠤᠳᠤᠯᠭᠠᠨ ᠠᠴᠠ ᠳᠡᠭᠦᠨ ᠤ ᠦᠢᠯᠡᠳᠦᠯ ᠨᠢ ᠳᠤᠩ ᠦᠷᠭᠡᠨ ᠳᠡᠯᠭᠡᠷ ᠭᠡᠳᠡᠭ ᠢ ᠮᠡᠳᠡᠵᠦ ᠡᠬᠢᠯᠡᠵᠡᠢ᠃ | ᠨᠦᠢᠷ ᠤᠨ ᠠᠷᠠᠯ ᠤᠨ ᠡᠰ᠂ ᠢᠳᠡᠪᠬᠢᠵᠢᠭᠰᠡᠨ T ᠯᠢᠮᠪᠠ ᠶᠢᠨ ᠡᠰ ᠵᠢᠴᠢ ᠤᠷᠤᠭ ᠤᠨ ᠪᠤᠯᠴᠢᠷᠬᠠᠢ ᠵᠡᠷᠭᠡ ᠨᠡᠭᠡᠳᠡᠰᠦ | ᠡᠷᠭᠡᠳᠡᠨ ᠳᠤ ᠪᠦᠷ ᠸᠢᠲ᠋ᠠᠮᠢᠨ D ᠶᠢᠨ ᠦᠢᠯᠡᠳᠦᠯ ᠢ ᠪᠠᠳᠠᠷᠠᠭᠤᠯᠵᠤ ᠳᠡᠶᠢᠯᠬᠦ ᠬᠦᠯᠢᠶᠡᠨ ᠠᠪᠤᠭᠴᠢ ᠴᠤᠭᠴᠠ ᠶᠢ | ᠢᠯᠡᠷᠡᠭᠦᠯᠵᠡᠢ᠂ ᠡᠶᠢᠮᠦ ᠠᠴᠠ ᠳᠡᠷᠡ ᠨᠢ ᠳᠤᠳᠤᠭᠠᠳᠤ ᠱᠦᠭᠦᠷᠡᠯ ᠤᠨ ᠬᠤᠷᠮᠤᠨ ᠤ ᠤᠨᠴᠠᠯᠢᠬ ᠲᠠᠢ ᠭᠡᠰᠡᠨ ᠦᠭᠡ᠃ | ᠳᠡᠭᠡᠭᠡᠳ ᠪᠠᠰᠠ ᠦᠷᠪᠢᠰᠦᠯ ᠢ ᠳᠠᠷᠤᠬᠤ᠂ ᠦᠯᠦ ᠬᠠᠯᠳᠠᠭᠠᠬᠤ ᠴᠢᠳᠠᠪᠤᠷᠢ ᠶᠢ ᠵᠤᠬᠢᠴᠠᠭᠤᠯᠬᠤ᠂ ᠡᠰ ᠤᠨ | ᠬᠤᠪᠢᠶᠠᠬᠳᠠᠯ ᠢ ᠠᠬᠢᠭᠤᠯᠬᠤ ᠪᠠ ᠡᠰ ᠤᠨ ᠰᠤᠯᠢᠬᠳᠠᠯ ᠢ ᠠᠬᠢᠭᠤᠯᠬᠤ ᠦᠢᠯᠡᠳᠦᠯ ᠲᠠᠢ ᠪᠠᠶᠢᠳᠠᠭ᠃ ᠡᠩ ᠤᠨ | ᠪᠠᠶᠢᠳᠠᠯ ᠳᠤ ᠬᠤᠤᠷᠠᠳᠤ ᠬᠠᠪᠤᠳᠠᠷ ᠡᠭᠦᠰᠬᠦ ᠨᠢ ᠡᠰ ᠤᠨ ᠦᠯᠦ ᠬᠠᠯᠳᠠᠭᠠᠬᠤ ᠴᠢᠳᠠᠪᠤᠷᠢ ᠪᠠ ᠡᠰ ᠤᠨ ᠰᠤᠯᠢᠬᠳᠠᠯ | ᠬᠡᠪ ᠤᠨ ᠪᠤᠰᠤ ᠪᠤᠯᠤᠭᠰᠠᠨ ᠲᠠᠢ ᠬᠤᠯᠪᠤᠭ᠎ᠠ ᠲᠠᠢ ᠪᠠᠶᠢᠳᠠᠭ᠂ ᠡᠭᠦᠨ ᠢᠶᠠᠷ ᠪᠢᠳᠠ ᠸᠢᠲ᠋ᠠᠮᠢᠨ D ᠶᠢᠨ | ᠦᠳᠭᠡᠴᠡ ᠶᠢᠨ ᠳᠦᠪᠰᠢᠨ ᠨᠢ ᠦᠮᠡᠨ ᠳᠤ ᠨᠡᠷᠪᠡᠭᠳᠡᠬᠦ ᠠᠶᠤᠯ ᠯᠤᠭ᠎ᠠ ᠬᠤᠯᠪᠤᠭ᠎ᠠ ᠲᠠᠢ ᠪᠠᠶᠢᠭ᠎ᠠ ᠶᠢᠨ ᠤᠴᠢᠷ ᠢ | ᠳᠠᠶᠢᠯᠪᠤᠷᠢᠯᠠᠵᠤ ᠪᠤᠯᠤᠨ᠎ᠠ᠃ ᠡᠳᠡᠭᠡᠷ ᠰᠤᠳᠤᠯᠭᠠᠨ ᠤ ᠳ᠋ᠦᠩ ᠨᠢ ᠪᠢᠳᠠᠨ ᠳᠤ ᠬᠠᠪᠤᠳᠠᠷ ᠤᠨ ᠡᠪᠡᠳᠴᠢᠨ ᠳᠤ | ᠬᠠᠨᠳᠤᠭᠤᠯᠤᠨ ᠸᠢᠲ᠋ᠠᠮᠢᠨ D ᠶᠢᠨ ᠦᠳᠭᠡᠴᠡ ᠶᠢ ᠬᠢᠨᠡᠨ ᠬᠡᠮᠵᠢᠬᠦ᠂ ᠨᠦᠬᠦᠪᠦᠷᠢᠯᠡᠬᠦ ᠪᠠᠷ ᠳᠠᠮᠵᠢᠭᠤᠯᠤᠨ | ᠡᠪᠡᠳᠴᠢᠳᠠᠨ ᠤ ᠠᠮᠢᠳᠤᠷᠠᠯ ᠤᠨ ᠴᠢᠨᠠᠷ ᠢ ᠰᠠᠶᠢᠵᠢᠷᠠᠭᠤᠯᠵᠤ᠂ ᠰᠠᠨᠠᠭᠠᠨ ᠠᠴᠠ ᠭᠠᠳᠠᠭᠤᠷ ᠰᠠᠶᠢᠨ ᠦᠷ᠎ᠡ ᠳ᠋ᠦᠩ ᠳᠤ | ᠬᠦᠷᠴᠦ ᠮᠡᠳᠡᠨ᠎ᠡ ᠭᠡᠳᠡᠭ ᠳᠤᠬᠢᠶ᠎ᠠ ᠦᠭᠴᠦ ᠪᠠᠶᠢᠨ᠎ᠠ᠃ ᠭᠡᠪᠡᠴᠤ ᠤᠳᠤᠬᠠᠨ ᠳᠤ ᠸᠢᠲ᠋ᠠᠮᠢᠨ D ᠨᠦᠬᠦᠪᠦᠷᠢᠯᠡᠬᠦ ᠶᠢ | ᠦᠮᠡᠨ ᠢ ᠡᠮᠨᠡᠨ ᠵᠠᠰᠠᠬᠤ ᠠᠷᠭ᠎ᠠ ᠪᠠᠷᠢᠯ ᠤᠨ ᠳᠤᠭᠠᠨ ᠳᠤ ᠤᠷᠤᠭᠤᠯᠤᠭᠠᠳᠤᠢ ᠪᠠᠶᠢᠬᠰᠠᠭᠠᠷ᠂ ᠳᠡᠳᠡᠭᠡᠷ ᠤᠨ ᠮᠦᠨ | ᠴᠢᠨᠠᠷ ᠤᠨ ᠬᠠᠷᠢᠴᠠᠭ᠎ᠠ ᠶᠢ ᠮᠦᠨ ᠵᠤᠬᠢᠬᠤ ᠬᠤᠭᠤᠴᠠᠭᠠᠨ ᠤ ᠠᠵᠢᠬᠯᠠᠯᠳᠠ ᠪᠠ ᠨᠡᠩ ᠤᠯᠠᠨ ᠳᠤᠭ᠎ᠠ ᠪᠠᠷᠢᠮᠳᠠ ᠪᠠᠷ | ᠨᠤᠳᠠᠯᠠᠬᠤ ᠴᠢᠬᠤᠯᠠᠳᠠᠢ ᠪᠠᠶᠢᠨ᠎ᠠ︾ ᠭᠡᠵᠦ ᠪᠡᠭᠡᠵᠢᠩ ᠤᠨ ᠰᠢᠶᠧ ᠾᠧ ᠡᠮᠨᠡᠯᠭᠡ ᠶᠢᠨ ᠬᠤᠷᠢᠶᠠᠨ ᠤ ᠳᠤᠳᠤᠭᠠᠳᠤ | ᠱᠦᠭᠦᠷᠡᠯ ᠤᠨ ᠰᠠᠯᠠᠭᠠᠨ ᠤ ᠫᠷᠦᠹᠧᠰᠰᠤᠷ ᠦ᠋ ᠰᠢᠦᠸᠠᠢ ᠶᠡᠨ ᠳᠠᠨᠢᠯᠴᠠᠭᠤᠯᠤᠭᠰᠠᠨ ᠪᠠᠶᠢᠨ᠎ᠠ᠃ | ︽ᠸᠢᠲ᠋ᠠᠮᠢᠨ D ᠨᠢ ᠡᠰ ᠤᠨ ᠭᠡᠳᠦᠷᠡᠳᠡᠯ᠎ᠠ ᠦᠷᠡᠵᠢᠵᠦ ᠳᠦᠯᠵᠢᠬᠦ ᠶᠢ ᠬᠤᠷᠢᠬᠯᠠᠵᠤ᠂ ᠵᠠᠷᠢᠮ ᠦᠮᠡᠨ ᠢ | ᠰᠡᠷᠭᠡᠶᠢᠯᠡᠬᠦ ᠦᠢᠯᠡᠳᠦᠯ ᠲᠠᠢ᠃ ᠳᠡᠭᠡᠷ᠎ᠡ ᠳᠤᠷᠠᠳᠤᠭᠰᠠᠨ ᠰᠤᠳᠤᠯᠭᠠᠨ ᠤ ᠳ᠋ᠦᠩ ᠠᠴᠠ ᠦᠵᠡᠪᠡᠯ᠂ ᠦᠮᠡᠨ ᠢ ᠡᠮᠨᠡᠨ | ᠵᠠᠰᠠᠬᠤ ᠳᠤ ᠡᠮ ᠤᠨ ᠳᠠᠯ᠎ᠠ ᠪᠠᠷ ᠵᠢᠭᠠᠰᠤᠨ ᠤ ᠡᠯᠢᠭᠡᠨ ᠳᠤᠰᠤ᠂ ᠸᠢᠲ᠋ᠠᠮᠢᠨ D ᠶᠢᠨ ᠳᠠᠷᠢᠯᠭ᠎ᠠ ᠶᠢᠨ ᠡᠮ ᠢ ᠵᠤᠬᠢᠬᠤ | ᠬᠡᠮᠵᠢᠶ᠎ᠠ ᠪᠠᠷ ᠨᠦᠬᠦᠵᠦ ᠪᠤᠯᠤᠨ᠎ᠠ᠂ ᠭᠡᠪᠡᠴᠦ ᠶᠠᠭᠠᠬᠢᠵᠤ ᠨᠦᠬᠦᠪᠡᠯ ᠵᠤᠬᠢᠬᠤ ᠨᠢ ᠪᠠᠰᠠ ᠳᠤᠳᠤᠷᠬᠠᠢ ᠦᠭᠡᠢ | ᠪᠠᠶᠢᠬᠰᠠᠭᠠᠷ︾ ᠭᠡᠵᠦ ᠴᠢᠯᠦᠭᠡᠯᠡᠬᠦ ᠴᠡᠷᠢᠭ ᠤᠨ 302 ᠡᠮᠨᠡᠯᠭᠡ ᠶᠢᠨ ᠬᠤᠷᠢᠶᠠᠨ ᠤ ᠤᠯᠠᠨ ᠤᠯᠤᠰ ᠤᠨ ᠡᠯᠢᠭᠡᠨ | ᠡᠪᠡᠳᠴᠢᠨ ᠢ ᠡᠮᠨᠡᠨ ᠵᠠᠰᠠᠬᠤ ᠳᠦᠪ ᠤᠨ ᠡᠷᠭᠢᠯᠡᠭᠴᠢ ᠵᠤᠤ ᠫᠢᠩ ᠶᠠᠷᠢᠬᠰᠠᠨ ᠪᠠᠶᠢᠨ᠎ᠠ᠃ ᠪᠦᠷᠢᠳᠭᠡᠯ ᠢᠶᠠᠷ᠂ ᠪᠦᠬᠦ | ᠳᠡᠯᠡᠬᠡᠢ ᠶᠢᠨ ᠬᠡᠪᠴᠢᠶᠡᠨ ᠳᠤ ᠸᠢᠲ᠋ᠠᠮᠢᠨ D ᠳᠤᠳᠠᠭᠳᠠᠵᠤ ᠪᠠᠶᠢᠭ᠎ᠠ ᠬᠦᠮᠦᠨ ᠪᠠᠷᠤᠭ 10 ᠳ᠋ᠦᠩᠰᠢᠭᠤᠷ ᠪᠠᠶᠢᠨ᠎ᠠ᠃ | ᠠᠮᠧᠷᠢᠺᠠ ᠳᠤ᠂ 75% ᠤᠨ ᠴᠠᠭᠠᠨ ᠠᠷᠠᠰᠤᠳᠠᠨ ᠪᠠ 90% ᠤᠨ ᠪᠤᠰᠤᠳ ᠠᠷᠠᠰᠤᠳᠠᠨ ᠳᠤ ᠸᠢᠲ᠋ᠠᠮᠢᠨ D | ᠳᠤᠳᠠᠭᠳᠠᠬᠤ ᠪᠠᠶᠢᠳᠠᠯ ᠤᠷᠤᠰᠢᠵᠤ ᠪᠠᠶᠢᠨ᠎ᠠ᠃ ᠮᠠᠨ ᠤ ᠤᠯᠤᠰ ᠤᠨ ᠪᠠᠶᠢᠳᠠᠯ ᠴᠤ ᠳᠡᠶᠢᠮᠦ ᠰᠠᠶᠢᠨ ᠪᠢᠰᠢ ᠪᠠᠶᠢᠵᠤ᠂ | ᠳᠤᠮᠳᠠᠳᠤ ᠤᠯᠤᠰ ᠤᠨ ᠬᠤᠳᠠ ᠶᠢᠨ ᠬᠦᠩᠭᠡᠵᠢᠬᠦ ᠨᠠᠰᠤᠨ ᠤ ᠡᠮᠡᠭᠳᠡᠶᠢᠴᠤᠳ ᠤᠨ ᠳᠤᠳᠤᠷ᠎ᠠ ᠵᠦᠪᠭᠡᠨ 15. | 1% ᠤᠨ ᠬᠦᠮᠦᠨ ᠤ ᠸᠢᠲ᠋ᠠᠮᠢᠨ D ᠶᠢᠨ ᠦᠳᠭᠡᠴᠡ ᠶᠢᠨ ᠳᠦᠪᠰᠢᠨ ᠨᠢ ᠬᠡᠪ ᠤᠨ ᠪᠠᠶᠢᠳᠠᠯ ᠲᠠᠢ ᠪᠠᠶᠢᠵᠤ᠂ | ᠪᠡᠭᠡᠵᠢᠩ ᠬᠤᠳᠠ ᠶᠢᠨ ᠬᠤᠳᠠᠨ ᠳᠤᠳᠤᠷᠠᠬᠢ 60 ᠨᠠᠰᠤ ᠶᠢ ᠳᠠᠪᠠᠭᠰᠠᠨ ᠰᠠᠷ᠎ᠡ ᠶᠢᠨ ᠭᠭᠢᠷ ᠨᠢ ᠵᠤᠬᠰᠤᠭᠰᠠᠨ | ᠡᠮᠡᠭᠳᠡᠶᠢᠴᠤᠳ ᠤᠨ 7 ᠬᠤᠪᠢ ᠨᠢ ᠸᠢᠲ᠋ᠠᠮᠢᠨ D ᠳᠤᠳᠠᠭᠳᠠᠬᠤ ᠪᠠᠶᠢᠳᠠᠯ ᠲᠠᠢ ᠪᠠᠶᠢᠨ᠎ᠠ᠃ ᠱᠠᠩᠬᠠᠢ ᠬᠤᠳᠠ ᠶᠢᠨ | ᠨᠠᠰᠤᠨ ᠳᠤ ᠬᠦᠷᠦᠭᠰᠡᠳ ᠲᠤ ᠬᠢᠭᠰᠡᠨ ᠪᠠᠶᠢᠴᠠᠭᠠᠯᠳᠠ ᠠᠴᠠ ᠦᠵᠡᠭᠰᠡᠨ ᠴᠤ᠂ ᠸᠢᠲ᠋ᠠᠮᠢᠨ D ᠶᠢᠨ ᠦᠳᠭᠡᠴᠡ ᠶᠢᠨ | ᠳᠦᠪᠰᠢᠨ ᠨᠢ ᠬᠡᠪ ᠤᠨ ᠪᠠᠶᠢᠳᠠᠯ ᠲᠠᠢ ᠬᠦᠮᠦᠨ ᠵᠦᠪᠬᠡᠨ 9.3% ᠢ ᠡᠵᠡᠯᠡᠵᠦ ᠪᠠᠶᠢᠨ᠎ᠠ᠃ ︽ᠨᠠᠷᠠᠨ ᠳᠤ ᠡᠭᠡᠬᠦ | ᠦᠭᠡᠢ ᠪᠠᠶᠢᠬᠤ ᠪᠤᠯ ᠸᠢᠲ᠋ᠠᠮᠢᠨ D ᠳᠤᠳᠠᠭᠳᠠᠵᠤ ᠪᠠᠶᠢᠬᠤ ᠭᠤᠤᠯ ᠰᠢᠯᠳᠠᠭᠠᠨ ᠪᠤᠯᠤᠨ᠎ᠠ︾ ᠭᠡᠵᠦ ᠴᠢᠯᠦᠭᠡᠯᠡᠬᠦ | ᠴᠡᠷᠢᠭ ᠤᠨ ᠶᠡᠷᠦᠩᠬᠡᠢ ᠡᠮᠨᠡᠯᠭᠡ ᠶᠢᠨ ᠬᠤᠷᠢᠶᠠᠨ ᠤ ᠰᠢᠮ᠎ᠠ ᠳᠡᠵᠢᠭᠡᠯ ᠤᠨ ᠰᠠᠯᠠᠭᠠᠨ ᠤ ᠫᠷᠦᠹᠧᠰᠰᠤᠷ ᠵᠤᠤ ᠯᠢᠨ | ᠦᠵᠡᠵᠦ ᠪᠠᠶᠢᠨ᠎ᠠ᠃ | ᠤᠷᠳᠤ ᠬᠤᠭᠤᠴᠠᠭ᠎ᠠ ᠪᠠᠷ ᠭᠡᠷ ᠳᠤᠳᠤᠷ᠎ᠠ ᠰᠤᠷᠤᠯᠴᠠᠬᠤ ᠪᠤᠶᠤ ᠠᠵᠢᠯᠯᠠᠵᠤ᠂ ᠭᠠᠳᠠᠭ᠎ᠠ ᠭᠠᠷᠴᠤ ᠬᠦᠳᠡᠯᠭᠡᠭᠡᠨ | ᠬᠢᠬᠦ ᠳᠤᠷ᠎ᠠ ᠦᠭᠡᠢ᠂ ᠭᠠᠳᠠᠭ᠎ᠠ ᠭᠠᠷᠤᠭᠰᠠᠨ ᠴᠤ ᠰᠢᠭᠦᠷ ᠪᠠᠷᠢᠵᠤ᠂ ᠨᠠᠷᠠᠨ ᠳᠤ ᠰᠢᠷᠠᠭᠳᠠᠬᠤ ᠠᠴᠠ ᠰᠡᠷᠭᠡᠶᠢᠯᠡᠬᠦ | ᠳᠤᠰᠤ ᠳᠦᠷᠬᠢᠳᠡᠭ ᠵᠡᠷᠭᠡ ᠪᠠ ᠪᠤᠬᠢᠷ ᠮᠠᠨᠠᠨ ᠲᠠᠢ ᠡᠳᠦᠷ ᠵᠡᠷᠭᠡ ᠨᠢ ᠪᠦᠷ ᠬᠦᠮᠦᠰ ᠤᠨ ᠨᠠᠷᠠᠨ ᠤ ᠭᠡᠷᠡᠯ ᠢ ᠬᠦᠯᠢᠶᠡᠨ | ᠠᠪᠬᠤ ᠶᠢ ᠨᠦᠯᠦᠭᠡᠯᠡᠵᠦ ᠪᠠᠶᠢᠨ᠎ᠠ᠃ ᠳᠡᠭᠡᠬᠦ ᠳᠤ᠂ ᠬᠦᠮᠦᠨ ᠤ ᠪᠡᠶ᠎ᠡ ᠶᠢᠨ ᠶᠡᠬᠡᠩᠬᠢ ᠸᠢᠲ᠋ᠠᠮᠢᠨ D ᠨᠢ ᠨᠠᠷᠠᠨ ᠳᠤ | ᠡᠭᠡᠬᠦ ᠪᠠᠷ ᠳᠠᠮᠵᠢᠨ ᠠᠷᠠᠰᠤᠨ ᠳᠤ ᠪᠤᠢ ᠪᠤᠯᠳᠠᠭ ᠪᠠᠶᠢᠭ᠎ᠠ ᠶᠤᠮ᠃ ᠳᠠᠬᠢᠪᠠᠯ᠂ ᠸᠢᠲ᠋ᠠᠮᠢᠨ D ᠪᠤᠯ ᠦᠭᠡᠭᠦᠨ ᠳᠤ | ᠠᠭᠤᠰᠬᠤ ᠰᠢᠨᠵᠢ ᠲᠠᠢ᠂ ᠳᠡᠶᠢᠮᠦ ᠠᠴᠠ ᠵᠤᠬᠢᠬᠤ ᠬᠡᠮᠵᠢᠶᠡᠨ ᠤ ᠦᠭᠡᠬᠦ ᠰᠢᠩᠭᠡᠭᠡᠨ ᠠᠪᠬᠤ ᠨᠢ ᠸᠢᠲ᠋ᠠᠮᠢᠨ D ᠶᠢ | ᠰᠢᠩᠭᠡᠭᠡᠨ ᠠᠪᠬᠤ ᠶᠢ ᠠᠬᠢᠭᠤᠯᠳᠠᠭ᠃ ᠭᠡᠪᠡᠴᠦ ᠬᠠᠷᠠᠰᠤ ᠬᠤᠭᠤᠯᠠ ᠢᠳᠡᠭᠰᠡᠳ ᠤᠯᠠᠰᠢᠷᠠᠬᠰᠠᠨ ᠢᠶᠠᠷ᠂ ᠸᠢᠲ᠋ᠠᠮᠢᠨ | D ᠳᠤᠳᠠᠭᠳᠠᠭᠰᠠᠳ ᠮᠦᠨ ᠳᠠᠭᠠᠯᠳᠤᠨ ᠨᠡᠮᠡᠭᠳᠡᠵᠦ ᠪᠠᠶᠢᠨ᠎ᠠ᠃ ᠨᠠᠰᠤ ᠵᠢᠯ ᠤᠨ ᠨᠡᠮᠡᠭᠳᠡᠬᠦ ᠶᠢ ᠳᠠᠭᠠᠯᠳᠤᠨ | ᠠᠷᠠᠰᠤᠨ ᠤ ᠸᠢᠲ᠋ᠠᠮᠢᠨ D ᠶᠢ ᠨᠡᠶᠢᠯᠡᠭᠵᠢᠭᠦᠯᠬᠦ ᠴᠢᠳᠠᠪᠤᠷᠢ ᠪᠠᠭᠤᠷᠠᠳᠠᠭ᠂ ᠨᠠᠰᠤᠳᠠᠶᠢᠴᠤᠳ ᠤᠯᠠᠰᠢᠷᠠᠬᠤ ᠶᠢ | ᠳᠠᠭᠠᠯᠳᠤᠨ ᠸᠢᠲ᠋ᠠᠮᠢᠨ D ᠳᠤᠳᠠᠭᠳᠠᠭᠰᠠᠳ ᠤᠨ ᠡᠩᠨᠡᠭᠡ ᠦᠷᠭᠦᠯᠵᠢᠯᠡᠨ ᠦᠷᠭᠡᠵᠢᠬᠦ ᠨᠢ ᠶᠠᠷᠢᠶᠠᠨ ᠦᠭᠡᠢ ᠤᠴᠢᠷ᠃ | | ᠸᠢᠲ᠋ᠠᠮᠢᠨD ᠶᠢᠨ ᠠᠴᠢ ᠲᠤᠰᠠ ᠲᠤᠩ ᠶᠡᠭᠡ | ᠤᠢᠢᠷ᠎ᠡ ᠳᠤ ᠠᠮᠧᠷᠢᠺᠠ ᠶᠢᠨ MSN ᠰᠦᠯᠵᠢᠶᠡᠨ ᠳᠤ ᠨᠡᠶᠢᠳᠡᠯᠡᠭᠰᠡᠨ ᠵᠤᠬᠢᠶᠠᠯ ᠠᠴᠠ ᠦᠵᠡᠪᠡᠯ᠂ | ᠸᠢᠲ᠋ᠠᠮᠢᠨ D ᠶᠢᠨ ᠠᠴᠢ ᠳᠤᠰᠠ ᠨᠢ ᠶᠠᠰᠤ ᠶᠢ ᠪᠠᠬᠢᠵᠢᠭᠦᠯᠬᠦ᠂ ᠦᠮᠡᠨ ᠢ ᠰᠡᠷᠭᠡᠶᠢᠯᠡᠬᠦ ᠪᠠᠷ ᠵᠤᠬᠰᠤᠬᠤ ᠦᠭᠡᠢ | ᠦᠭᠡᠷ᠎ᠡ ᠪᠠᠰᠠ ᠤᠯᠠᠨ ᠪᠠᠶᠢᠭ᠎ᠠ ᠶᠤᠮ ᠪᠠᠶᠢᠨ᠎ᠠ᠃ | ᠡᠬᠡ ᠨᠢᠯᠬᠠᠰ ᠢ ᠪᠦᠭᠡᠴᠡᠶᠢᠯᠡᠨᠠ᠃ ᠵᠢᠷᠮᠤᠰᠤᠨ ᠡᠮᠡᠭᠳᠡᠢ ᠶᠢᠨ ᠸᠢᠲ᠋ᠠᠮᠢᠨ D ᠶᠢᠨ ᠦᠳᠭᠡᠴᠡ ᠶᠢᠨ | ᠳᠦᠪᠰᠢᠨ ᠨᠢ ᠳᠤᠤᠷ᠎ᠠ ᠪᠠᠶᠢᠪᠠᠯ᠂ ᠬᠡᠦᠬᠡᠳ ᠲᠤ ᠳᠠᠳᠠᠬᠤ ᠰᠢᠨᠵᠢ ᠢᠯᠡᠷᠡᠬᠦ᠂ ᠤᠷᠤᠭ ᠤᠨᠠᠭᠠᠬᠤ᠂ ᠬᠦᠩᠭᠡᠨ | ᠬᠡᠦᠬᠡᠳ ᠳᠦᠷᠦᠬᠦ ᠵᠡᠷᠭᠡ ᠠᠰᠠᠭᠤᠳᠠᠯ ᠠᠮᠠᠷᠬᠠᠨ ᠭᠠᠷᠴᠤ ᠮᠡᠳᠡᠬᠦ ᠪᠦᠭᠡᠳ ᠬᠡᠦᠬᠡᠳ ᠢᠶᠠᠨ ᠬᠠᠭᠠᠯᠵᠤ ᠠᠪᠬᠤ | ᠨᠤᠷᠮ᠎ᠠ ᠴᠤ ᠨᠡᠮᠡᠭᠳᠡᠳᠡᠭ᠃ ᠡᠬᠡ ᠳᠤᠨᠢ ᠸᠢᠲ᠋ᠠᠮᠢᠨ D ᠳᠤᠳᠠᠭᠳᠠᠪᠠᠯ ᠬᠡᠦᠬᠡᠳ ᠨᠢ ᠠᠬᠰᠠᠭᠠ ᠵᠡᠷᠭᠡ ᠠᠮᠢᠰᠬᠤᠯ ᠤᠨ | ᠵᠠᠮ ᠤᠨ ᠡᠪᠡᠳᠴᠢᠨ ᠳᠤ ᠠᠮᠠᠷᠬᠠᠨ ᠨᠡᠷᠪᠡᠭᠳᠡᠵᠦ᠂ ᠮᠠᠷᠢᠶᠠᠯᠠᠬᠤ ᠨᠤᠷᠮ᠎ᠠ ᠨᠢ ᠴᠤ ᠦᠨᠳᠦᠷ ᠪᠠᠶᠢᠳᠠᠭ᠂ ᠬᠡᠷᠪᠡ ᠴᠠᠭ | ᠳᠤᠬᠠᠢ ᠳᠤᠨᠢ ᠸᠢᠲ᠋ᠠᠮᠢᠨ D ᠨᠦᠬᠦᠭᠰᠡᠨ ᠪᠤᠯ ᠠᠬᠰᠠᠭᠠ ᠪᠠ ᠠᠮᠢᠰᠬᠤᠯ ᠤᠨ ᠵᠠᠮ ᠤᠨ ᠦᠷᠪᠢᠰᠦᠯ ᠢ ᠪᠠᠭᠠᠰᠬᠠᠵᠤ | ᠪᠤᠯᠳᠠᠭ᠃ | ᠵᠢᠷᠦᠭᠡ ᠳᠠᠷᠢᠬᠢ ᠶᠢ ᠬᠠᠮᠠᠭᠠᠯᠠᠨ᠎ᠠ᠃ ᠬᠠᠩᠭᠠᠯᠳᠠᠳᠠᠢ ᠸᠢᠲ᠋ᠠᠮᠢᠨ D ᠶᠢ ᠰᠢᠩᠭᠡᠭᠡᠨ ᠠᠪᠬᠤ ᠨᠢ ᠵᠢᠷᠦᠭᠡ | ᠴᠢᠰᠦᠨ ᠰᠤᠳᠠᠯ ᠤᠨ ᠡᠪᠡᠳᠴᠢᠨ ᠲᠠᠢ ᠬᠦᠮᠦᠨ ᠤ ᠦᠬᠦᠯ ᠤᠨ ᠠᠶᠤᠯ ᠢ 30% ᠢᠶᠠᠷ ᠪᠠᠭᠤᠷᠠᠭᠤᠯᠳᠠᠭ᠃ | ᠤᠴᠢᠷ ᠨᠢ᠂ ᠸᠢᠲ᠋ᠠᠮᠢᠨ D ᠴᠢᠰᠦᠨ ᠳᠠᠷᠤᠯᠳᠠ ᠶᠢ ᠵᠤᠬᠢᠴᠠᠭᠤᠯᠵᠤ᠂ ᠵᠢᠷᠦᠭᠡᠨ ᠤ ᠴᠢᠳᠠᠪᠬᠢ ᠶᠢ ᠰᠠᠶᠢᠵᠢᠷᠠᠭᠤᠯᠤᠨ᠂ | ᠵᠢᠷᠦᠭᠡᠨ ᠡᠪᠡᠳᠴᠢᠨ ᠪᠠ ᠰᠠ ᠡᠪᠡᠳᠴᠢᠨ ᠡᠭᠦᠰᠬᠦ ᠠᠶᠤᠯ ᠢ ᠪᠠᠭᠠᠰᠬᠠᠳᠠᠭ᠃ | ᠰᠢᠬᠢᠷ ᠰᠢᠵᠢᠩ ᠡᠪᠡᠳᠴᠢᠨ ᠢ ᠰᠡᠷᠭᠡᠶᠢᠯᠡᠨ ᠵᠠᠰᠠᠬᠤ ᠦᠢᠯᠡᠳᠦᠯ ᠲᠠᠢ᠃ ᠬᠡᠦᠬᠡᠳ ᠤᠨ ᠤᠢ ᠳᠤᠳᠤᠷ᠎ᠠ ᠨᠢ | ᠬᠠᠩᠭᠠᠯᠳᠠᠳᠠᠢ ᠸᠢᠲ᠋ᠠᠮᠢᠨ D ᠨᠦᠬᠦᠪᠡᠯ᠂ ᠢᠷᠡᠬᠡᠳᠦᠢ ᠶᠢᠨ 30 ᠵᠢᠯ ᠳᠤ ᠰᠢᠬᠢᠷ ᠰᠢᠵᠢᠩ ᠡᠪᠡᠳᠴᠢᠨ ᠳᠤ | ᠨᠡᠷᠪᠡᠭᠳᠡᠬᠦ ᠠᠶᠤᠯ ᠨᠢ 88% ᠢᠶᠠᠷ ᠪᠠᠭᠤᠷᠠᠳᠠᠭ᠃ ᠬᠠᠩᠭᠠᠯᠳᠠᠳᠠᠢ ᠸᠢᠲ᠋ᠠᠮᠢᠨ D ᠰᠢᠩᠭᠡᠭᠡᠵᠦ ᠠᠪᠬᠤ ᠨᠢ Ⅱ | ᠬᠡᠯᠪᠡᠷᠢ ᠶᠢᠨ ᠰᠢᠬᠢᠷ ᠰᠢᠵᠢᠩ ᠡᠪᠡᠳᠴᠢᠨ ᠳᠤ ᠨᠡᠷᠪᠡᠭᠳᠡᠬᠦ ᠠᠶᠤᠯ ᠢ 33% ᠢᠶᠠᠷ ᠪᠠᠭᠤᠷᠠᠭᠤᠯᠳᠠᠭ᠂ ᠤᠴᠢᠷ ᠨᠢ᠂ | ᠸᠢᠲ᠋ᠠᠮᠢᠨ D ᠨᠢ ᠨᠦᠢᠷ ᠤᠨ ᠪᠤᠯᠴᠢᠷᠬᠠᠢ ᠶᠢᠨ ᠡᠰ ᠤᠨ ᠨᠦᠢᠷ ᠤᠨ ᠠᠷᠠᠯ ᠤᠨ ᠡᠳ᠋ ᠢᠯᠭᠠᠷᠠᠭᠤᠯᠬᠤ ᠶᠢ | ᠠᠬᠢᠭᠤᠯᠳᠠᠭ᠃ | ᠦᠯᠦ ᠬᠠᠯᠳᠠᠭᠠᠬᠤ ᠴᠢᠳᠠᠪᠬᠢ ᠶᠢᠨ ᠴᠢᠨᠠᠷᠳᠠᠢ ᠡᠪᠡᠳᠴᠢᠨ ᠢ ᠰᠡᠷᠭᠡᠶᠢᠯᠡᠨ᠎ᠠ᠃ ᠸᠢᠲ᠋ᠠᠮᠢᠨ D ᠳᠤᠳᠠᠭᠳᠠᠪᠠᠯ | ᠬᠡᠷᠦᠬᠦ ᠴᠢᠨᠠᠷᠳᠠᠢ ᠦᠶ᠎ᠡ ᠬᠡᠰᠢᠭᠦᠦ ᠶᠢᠨ ᠦᠷᠪᠢᠰᠦᠯ᠂ ᠺᠷᠤᠾᠧᠨ ᠡᠪᠡᠳᠴᠢᠨ᠂ ᠤᠯᠠᠨ ᠡᠭᠦᠰᠬᠦ ᠴᠢᠨᠠᠷᠳᠠᠢ | ᠬᠠᠳᠠᠭᠤᠷᠠᠬᠤ ᠡᠪᠡᠳᠴᠢᠨ ᠵᠡᠷᠭᠡ ᠦᠯᠦ ᠬᠠᠯᠳᠠᠭᠠᠬᠤ ᠴᠢᠳᠠᠪᠬᠢ ᠶᠢᠨ ᠴᠢᠨᠠᠷᠳᠠᠢ ᠡᠪᠡᠳᠴᠢᠨ ᠤ ᠠᠶᠤᠯ ᠢ | ᠨᠡᠮᠡᠭᠳᠡᠭᠦᠯᠳᠡᠭ᠃ ᠸᠢᠲ᠋ᠠᠮᠢᠨ D ᠨᠢ ᠦᠯᠦ ᠬᠠᠯᠳᠠᠭᠠᠬᠤ ᠰᠢᠰᠲ᠋ᠧᠮ ᠤᠨ ᠬᠦᠯᠢᠶᠡᠨ ᠠᠪᠤᠭᠴᠢ ᠴᠤᠭᠴᠠ ᠲᠠᠢ | ᠵᠤᠯᠭᠠᠨ ᠤᠶᠠᠯᠳᠤᠪᠠᠯ ᠬᠦᠮᠦᠨ ᠤ ᠪᠡᠶ᠎ᠡ ᠶᠢᠨ ᠦᠯᠦ ᠬᠠᠯᠳᠠᠭᠠᠬᠤ ᠴᠢᠳᠠᠪᠤᠷᠢ ᠶᠢ ᠵᠤᠬᠢᠴᠠᠭᠤᠯᠵᠤ᠂ ᠬᠠᠮᠢᠶ᠎ᠠ ᠪᠦᠬᠦᠢ | ᠡᠪᠡᠳᠴᠢᠨ ᠢ ᠰᠡᠷᠭᠡᠶᠢᠯᠡᠬᠦ ᠦᠢᠯᠡᠳᠦᠯ ᠢ ᠰᠠᠶᠢᠵᠢᠷᠠᠭᠤᠯᠳᠠᠭ᠃ | ᠰᠠᠨᠠᠭ᠎ᠠ ᠰᠡᠳᠭᠢᠯ ᠢ ᠳᠤᠭᠳᠠᠪᠤᠷᠢᠵᠢᠭᠤᠯᠤᠨ᠎ᠠ᠃ ᠳᠤᠮᠳᠠ ᠵᠡᠷᠭᠡ ᠶᠢᠨ ᠪᠤᠶᠤ ᠬᠦᠨᠳᠦ ᠭᠠᠩᠰᠠᠷᠠᠬᠤ | ᠡᠪᠡᠳᠴᠢᠨ ᠲᠠᠢ ᠡᠮᠡᠭᠳᠡᠢ ᠬᠦᠮᠦᠨ ᠬᠠᠩᠭᠠᠯᠳᠠᠳᠠᠢ ᠸᠢᠲ᠋ᠠᠮᠢᠨ D ᠨᠦᠬᠦᠬᠦ ᠳᠤ ᠬᠦᠷᠪᠡᠯ ᠡᠪᠡᠳᠴᠢᠨ ᠤ ᠪᠠᠶᠢᠳᠠᠯ ᠨᠢ | ᠵᠤᠬᠢᠬᠤ ᠰᠠᠶᠢᠵᠢᠷᠠᠯᠳᠠ ᠲᠠᠢ ᠪᠤᠯᠳᠠᠭ᠃ ᠡᠭᠦᠨ ᠤ ᠰᠢᠯᠳᠠᠭᠠᠨ ᠨᠢ ᠸᠢᠲ᠋ᠠᠮᠢᠨ D ᠨᠢ ᠴᠢᠰᠦᠨ ᠤ ᠴᠠᠶᠢᠪᠠᠩ ᠤᠨ | ᠳᠦᠪᠰᠢᠨ ᠢ ᠰᠠᠶᠢᠵᠢᠷᠠᠭᠤᠯᠳᠠᠭ ᠠᠴᠠ ᠪᠤᠯᠤᠭᠰᠠᠨ ᠪᠠᠶᠢᠵᠤ ᠮᠡᠳᠡᠨ᠎ᠠ᠃ ᠤᠴᠢᠷ ᠨᠢ ᠴᠢᠰᠦᠨ ᠤ ᠴᠠᠶᠢᠪᠠᠩ ᠨᠢ | ᠨᠦᠢᠷ ᠢ ᠰᠠᠶᠢᠵᠢᠷᠠᠭᠤᠯᠵᠤ᠂ ᠪᠡᠶᠡᠷᠯᠡᠵᠤ ᠪᠠᠶᠠᠰᠬᠤ ᠰᠡᠳᠭᠢᠯᠭᠡ ᠳᠦᠷᠦᠭᠦᠯᠬᠦ ᠦᠢᠯᠡᠳᠦᠯ ᠲᠠᠢ ᠪᠠᠶᠢᠳᠠᠭ᠃ | ᠸᠢᠲ᠋ᠠᠮᠢᠨD ᠶᠢ ᠨᠦᠬᠦᠪᠦᠷᠢᠯᠡᠬᠦ ᠶᠢᠨ ᠲᠤᠬᠠᠢ ᠳᠤ | ᠴᠢᠰᠦᠨ ᠤ ᠪᠠᠶᠢᠴᠠᠭᠠᠯᠳᠠ ᠪᠠᠷ ᠸᠢᠲ᠋ᠠᠮᠢᠨ D ᠳᠤᠳᠠᠭᠳᠠᠵᠤ ᠪᠠᠶᠢᠬᠤ ᠡᠰᠡᠬᠦ ᠶᠢ ᠳᠤᠳᠤᠯᠠᠵᠤ ᠪᠤᠯᠳᠠᠭ᠂ | ᠳᠡᠶᠢᠮᠦ ᠠᠴᠠ ᠵᠢᠯ ᠪᠤᠯᠭᠠᠨ ᠤ ᠡᠷᠡᠭᠦᠯ ᠤᠨ ᠪᠠᠶᠢᠴᠠᠭᠠᠯᠳᠠ ᠶᠢᠨ ᠠᠭᠤᠯᠭ᠎ᠠ ᠳᠠᠭᠠᠨ ᠸᠢᠲ᠋ᠠᠮᠢᠨ D ᠶᠢᠨ ᠦᠳᠭᠡᠴᠡ ᠶᠢ | ᠰᠢᠯᠭᠠᠬᠤ ᠠᠭᠤᠯᠭ᠎ᠠ ᠨᠡᠮᠡᠪᠡᠯ ᠰᠠᠶᠢᠨ ᠭᠡᠵᠦ ᠴᠢᠯᠦᠭᠡᠯᠡᠬᠦ ᠴᠡᠷᠢᠭ ᠤᠨ 309 ᠡᠮᠨᠡᠯᠭᠡ ᠶᠢᠨ ᠬᠤᠷᠢᠶᠠᠨ ᠤ ᠰᠢᠮ᠎ᠡ | ᠳᠡᠵᠢᠭᠡᠯ ᠤᠨ ᠰᠠᠯᠠᠭᠠᠨ ᠤ ᠡᠷᠭᠢᠯᠡᠭᠴᠢ ᠵᠦᠸᠧ ᠰᠢᠶᠤᠤ ᠰᠢᠶᠠ ᠰᠠᠨᠠᠭᠤᠯᠵᠤ ᠪᠠᠶᠢᠨ᠎ᠠ᠃ | ᠡᠩ ᠤᠨ ᠪᠠᠶᠢᠳᠠᠯ ᠳᠤ ᠳᠤᠤᠷᠠᠬᠢ ᠮᠡᠳᠦ ᠢᠯᠡᠷᠡᠯ ᠭᠠᠷᠪᠠᠯ᠂ ᠸᠢᠲ᠋ᠠᠮᠢᠨ D ᠳᠤᠳᠠᠭᠳᠠᠭᠰᠠᠨ ᠪᠠᠶᠢᠵᠤ ᠮᠡᠳᠡᠨ᠎ᠠ | ᠄ ᠦᠷᠭᠦᠯᠵᠢ ᠦᠷᠪᠢᠰᠦᠬᠦ ᠪᠠᠶᠢᠳᠠᠯ ᠭᠠᠷᠬᠤ ᠪᠤᠶᠤ ᠬᠠᠯᠳᠠᠪᠤᠷᠢᠯᠠᠵᠤ ᠦᠷᠪᠢᠰᠦᠭᠰᠡᠨ ᠪᠠᠶᠢᠳᠠᠯ ᠨᠢ ᠠᠮᠠᠷᠬᠠᠨ ᠨᠠᠮᠳᠠᠬᠤ | ᠦᠭᠡᠢ ᠪᠠᠶᠢᠬᠤ︔ ᠭᠠᠩᠰᠠᠷᠠᠬᠤ ᠪᠠᠶᠢᠳᠠᠯ ᠭᠠᠷᠬᠤ᠂ ᠤᠨᠴᠠᠭᠠᠢᠢᠯᠠᠨ ᠡᠪᠦᠯ ᠤᠨ ᠤᠯᠠᠷᠢᠯ ᠳᠤ ᠭᠠᠩᠰᠠᠷᠠᠬᠤ ᠪᠠᠶᠢᠳᠠᠯ | ᠭᠠᠷᠬᠤ︔ ᠶᠠᠳᠠᠷᠠᠭᠠᠳ ᠯᠠ ᠪᠠᠶᠢᠬᠤ ᠰᠢᠬ ᠪᠠᠶᠢᠳᠠᠯ ᠭᠠᠷᠬᠤ︔ ᠦᠶ᠎ᠡ ᠭᠡᠰᠢᠭᠦᠦ ᠡᠪᠡᠳᠴᠦ᠂ ᠳᠦᠷᠪᠡᠨ ᠮᠦᠴᠢ | ᠳᠠᠮᠢᠷᠳᠠᠬᠤ︔ ᠪᠤᠯᠴᠢᠩ ᠡᠪᠡᠳᠬᠦ᠃ | ᠸᠢᠲ᠋ᠠᠮᠢᠨ D ᠶᠢ ᠨᠦᠬᠦᠬᠦ ᠬᠠᠮᠤᠭ ᠤᠨ ᠰᠠᠶᠢᠨ ᠠᠷᠭ᠎ᠠ ᠪᠤᠯ ᠨᠠᠷᠠᠨ ᠳᠤ ᠡᠭᠡᠭᠡᠬᠦ ᠶᠠᠪᠤᠳᠠᠯ ᠪᠤᠯᠤᠨ᠎ᠠ ᠭᠡᠵᠦ | ᠵᠤᠤ ᠯᠢᠨ ᠰᠠᠨᠠᠭᠤᠯᠵᠤ ᠪᠠᠶᠢᠨ᠎ᠠ᠃ ᠨᠠᠰᠤᠨ ᠳᠤ ᠬᠦᠷᠦᠭᠰᠡᠳ ᠡᠳᠦᠷ ᠲᠤ 30 ᠮᠢᠨᠦ᠋ᠲ ᠠᠴᠠ 1 ᠴᠠᠭ ᠨᠠᠷᠠᠨ ᠳᠤ | ᠡᠬᠡᠭᠡᠪᠡᠯ ᠰᠠᠶᠢᠨ︔ ᠨᠢᠯᠬ᠎ᠠ ᠬᠡᠦᠬᠡᠳ ᠪᠠ ᠪᠠᠭᠠᠴᠤᠳ ᠤᠨ ᠠᠷᠠᠰᠤ ᠨᠢ ᠨᠢᠯᠭ᠎ᠠ ᠪᠤᠯᠬᠤᠷ 15 — 30 ᠮᠢᠨᠦ᠋ᠲ | ᠡᠭᠡᠭᠡᠨᠠ︔ ᠨᠠᠰᠤᠳᠠᠶᠢᠴᠤᠳ ᠤᠨ ᠸᠢᠲ᠋ᠠᠮᠢᠨ D ᠨᠡᠶᠢᠯᠡᠭᠵᠢᠭᠦᠯᠬᠦ ᠴᠢᠳᠠᠪᠤᠷᠢ ᠪᠠᠭᠤᠷᠠᠭᠰᠠᠨ ᠪᠠᠶᠢᠳᠠᠭ ᠪᠤᠯᠬᠤᠷ | ᠨᠠᠷᠠᠨ ᠳᠤ ᠡᠭᠡᠭᠡᠬᠦ ᠴᠠᠭ ᠢᠶᠠᠨ ᠵᠤᠬᠢᠬᠤ ᠬᠡᠮᠵᠢᠶ᠎ᠠ ᠪᠠᠷ ᠤᠷᠳᠤᠳᠬᠠᠵᠤ ᠪᠤᠯᠤᠨ᠎ᠠ᠂ ᠭᠡᠪᠡᠴᠦ ᠬᠤᠷᠴᠠ ᠨᠠᠷᠠᠨ ᠳᠤ | ᠭᠡᠳᠦ ᠰᠢᠷᠠᠬᠳᠠᠵᠤ ᠪᠤᠯᠬᠤ ᠦᠭᠡᠢ᠃ ᠰᠢᠯ ᠨᠡᠪᠳᠡᠯᠦᠨ ᠨᠠᠷᠠᠨ ᠳᠤ ᠡᠭᠡᠭᠡᠬᠦ ᠳᠤ᠂ ᠬᠦᠷᠢᠨ ᠤ ᠭᠠᠳᠠᠨᠠᠬᠢ ᠳᠤᠶᠠᠭᠠᠨ ᠤ | ᠨᠡᠪᠳᠡᠯᠦᠨ ᠳᠤᠰᠬᠤ ᠨᠤᠷᠮ᠎ᠠ ᠨᠢ ᠳᠤᠤᠷ᠎ᠠ ᠪᠠᠶᠢᠵᠤ᠂ ᠸᠢᠲ᠋ᠠᠮᠢᠨ D ᠶᠢᠨ ᠨᠡᠶᠢᠯᠡᠭᠵᠢᠬᠦ ᠳᠤ ᠠᠰᠢᠬ ᠦᠭᠡᠢ ᠪᠠᠶᠢᠳᠠᠭ᠂ | ᠡᠶᠢᠮᠦ ᠠᠴᠠ ᠨᠤᠭᠤᠭᠠᠷᠠᠭᠤᠯᠤᠯᠳᠠ ᠰᠠᠶᠢᠳᠠᠢ ᠭᠠᠵᠠᠷ ᠨᠠᠷᠠᠨ ᠳᠤ ᠢᠯᠡ ᠪᠠᠷ ᠡᠭᠡᠭᠡᠪᠡᠯ ᠰᠠᠶᠢᠨ ᠪᠠᠶᠢᠳᠠᠭ ᠠᠵᠢ᠃ | ᠵᠤᠤ ᠯᠢᠨ ᠪᠠᠰᠠ᠄ ︽ᠤᠷᠢᠳᠠᠪᠠᠷ ᠳᠤᠭᠤᠭᠠᠨ ᠭᠡᠷ ᠲᠡᠭᠡᠨ ᠤᠷᠤᠵᠤ᠂ ᠳᠠᠷᠠᠭ᠎ᠠ ᠨᠢ ᠡᠮ ᠤᠨ ᠭᠡᠷ ᠲᠤ | ᠤᠷᠤᠬᠤ ᠶᠢ ᠪᠤᠳᠤ︾ ᠭᠡᠵᠦ ᠰᠠᠨᠠᠭᠤᠯᠤᠭᠰᠠᠨ ᠪᠠᠶᠢᠨ᠎ᠠ᠃ ᠳᠡᠭᠦᠨ ᠤ ᠬᠡᠯᠡᠬᠦ ᠪᠠᠷ᠂ ᠪᠠᠶᠢᠭᠠᠯᠢ ᠶᠢᠨ ᠢᠳᠡᠭᠡᠨ ᠳᠤ᠂ | ᠳᠤᠰᠤ ᠦᠭᠡᠬᠦ ᠡᠯᠪᠡᠭ ᠵᠢᠭᠠᠰᠤᠨ ᠤ ᠳᠦᠷᠦᠯ᠂ ᠤᠨᠴᠠᠭᠠᠢᠢᠯᠠᠨ ᠳᠠᠪᠬ᠎ᠠ ᠵᠢᠭᠠᠰᠤ᠂ ᠰᠠᠷᠳᠢᠨ ᠵᠢᠭᠠᠰᠤ᠂ ᠰᠠᠷᠢᠶ᠎ᠠ | ᠵᠢᠭᠠᠰᠤ᠂ ᠨᠠᠷᠠᠨ ᠳᠤ ᠬᠠᠳᠠᠭᠠᠭᠰᠠᠨ ᠮᠦᠭᠦ ᠵᠢᠴᠢ ᠦᠨᠳᠡᠭᠡᠨ ᠰᠢᠷ᠎ᠡ ᠪᠠ ᠠᠮᠢᠳᠠᠨ ᠤ ᠳᠤᠳᠤᠷ ᠲᠤ ᠪᠦᠷ ᠸᠢᠲ᠋ᠠᠮᠢᠨ | D ᠠᠭᠤᠯᠳᠠᠭ ᠪᠤᠯᠬᠤᠷ ᠵᠤᠷᠢᠯᠭ᠎ᠠ ᠲᠠᠢ ᠪᠠᠷ ᠸᠢᠲ᠋ᠠᠮᠢᠨ D ᠨᠦᠬᠦᠵᠦ ᠪᠤᠯᠤᠨ᠎ᠠ᠃ ᠬᠡᠦᠬᠡᠳ᠂ ᠵᠢᠷᠮᠦᠰᠦᠨ ᠪᠦᠰᠡᠭᠦᠢ | ᠂ ᠨᠠᠰᠤᠳᠠᠶᠢᠴᠤᠳ ᠵᠡᠷᠭᠡ ᠤᠨᠴᠠᠭᠠᠢ ᠱᠠᠭᠠᠷᠳᠠᠯᠭ᠎ᠠ ᠲᠠᠢ ᠬᠦᠮᠦᠰ ᠡᠮᠴᠢ ᠶᠢᠨ ᠵᠢᠯᠤᠭᠤᠳᠤᠯᠭ᠎ᠠ ᠪᠠᠷ ᠸᠢᠲ᠋ᠠᠮᠢᠨ D | ᠨᠦᠬᠦᠬᠦ ᠡᠮ ᠬᠡᠷᠡᠭᠯᠡᠵᠦ ᠪᠤᠯᠤᠨ᠎ᠠ᠃ | ᠸᠢᠲ᠋ᠠᠮᠢᠨ D ᠶᠢᠨ ᠬᠠᠮᠤᠭ ᠤᠨ ᠶᠡᠭᠡ ᠰᠢᠩᠭᠡᠭᠡᠨ ᠠᠪᠴᠤ ᠪᠤᠯᠬᠤ ᠬᠡᠮᠵᠢᠶ᠎ᠠ ᠨᠢ ᠡᠳᠦᠷ ᠲᠤ 20 — 50 | ᠮᠢᠺᠷᠦᠭᠷᠡᠮ ᠪᠠᠶᠢᠳᠠᠭ᠃ ᠨᠠᠷᠠᠨ ᠤ ᠭᠡᠷᠡᠯ ᠤᠨ ᠳᠤᠰᠤᠯᠳᠠ ᠪᠠᠷ ᠠᠷᠠᠰᠤᠨ ᠳᠤ ᠸᠢᠲ᠋ᠠᠮᠢᠨ D ᠨᠡᠶᠢᠯᠡᠭᠵᠢᠬᠦ ᠨᠢ | ᠦᠪᠡᠷ ᠢ ᠪᠠᠨ ᠬᠢᠵᠠᠭᠠᠷᠯᠠᠬᠤ ᠴᠢᠨᠠᠷᠳᠠᠢ ᠪᠠᠶᠢᠳᠠᠭ ᠪᠤᠯᠬᠤᠷ ᠭᠡᠳᠦᠷᠡᠬᠦ ᠠᠴᠠ ᠵᠤᠪᠠᠭ᠋ᠤ ᠤᠴᠢᠷ ᠦᠭᠡᠢ᠃ ᠬᠠᠷᠢᠨ | ᠸᠢᠲ᠋ᠠᠮᠢᠨ D ᠨᠦᠬᠦᠬᠦ ᠡᠮ ᠤᠤᠭᠤᠬᠤ ᠳᠠᠭᠠᠨ ᠭᠡᠳᠦᠷᠡᠭᠦᠯᠬᠦ ᠠᠴᠠ ᠬᠢᠴᠢᠶᠡᠬᠦ ᠭᠡᠷᠡᠭᠳᠡᠢ᠃ ᠸᠢᠲ᠋ᠠᠮᠢᠨ D ᠶᠢ | ᠭᠡᠳᠦᠷᠡᠭᠦᠯᠪᠡᠯ ᠴᠢᠰᠦᠨ ᠳᠠᠬᠢ ᠺᠠᠯᠽ ᠤᠨ ᠳᠦᠪᠰᠢᠨ ᠢ ᠳᠡᠭᠡᠭᠰᠢᠯᠡᠭᠦᠯᠵᠦ᠂ ᠤᠳᠠᠭᠠᠨ ᠳᠠᠭᠠᠨ ᠪᠦᠭᠡᠷ᠎ᠡ ᠶᠢᠨ | ᠴᠢᠯᠠᠭᠤᠵᠢᠯ᠂ ᠵᠢᠷᠦᠭᠡᠨ ᠴᠤᠬᠢᠯᠠᠭ᠎ᠠ ᠬᠡᠪ ᠢᠶᠠᠨ ᠠᠯᠳᠠᠬᠤ ᠵᠡᠷᠭᠡ ᠠᠶᠤᠯ ᠢ ᠨᠡᠮᠡᠭᠳᠡᠭᠦᠯᠳᠡᠭ᠃ | ᠨᠠᠶᠢᠷᠠᠭᠤᠯᠤᠭᠴᠢ᠄ ᠴᠡᠯᠮᠡᠭ | | | |