ᠤᠢᠢᠷ᠎ᠠ ᠬᠠᠷᠠᠭ᠎ᠠ ᠪᠤᠯ ᠤᠳᠤᠬᠠᠨ ᠤ ᠵᠠᠯᠠᠭᠤᠴᠤᠳ ᠪᠠᠭᠠᠴᠤᠳ ᠲᠤ ᠳᠤᠯᠭᠠᠷᠠᠵᠤ ᠪᠠᠶᠢᠭ᠎ᠠ ᠡᠷᠡᠭᠦᠯ | ᠮᠡᠨᠳᠦ ᠶᠢᠨ ᠠᠰᠠᠭᠤᠳᠠᠯ ᠪᠤᠯᠤᠨ᠎ᠠ᠃ ᠬᠢᠴᠢᠶᠡᠯ ᠰᠤᠷᠤᠯᠭ᠎ᠠ ᠶᠢᠨ ᠳᠠᠷᠤᠭᠠᠰᠤ ᠬᠦᠨᠳᠦ᠂ ᠤᠶᠤᠠᠳᠤ ᠭᠠᠷ | ᠤᠳᠠᠰᠤᠨ ᠤ ᠳᠦᠭᠡᠮᠡᠯᠵᠢᠯᠳᠡ ᠵᠡᠷᠭᠡ ᠨᠢ ᠪᠦᠷ ᠤᠢᠢᠷ᠎ᠠ ᠬᠠᠷᠠᠭ᠎ᠠ ᠪᠤᠯᠬᠤ ᠠᠶᠤᠯ ᠢ ᠨᠡᠮᠡᠭᠳᠡᠭᠦᠯᠵᠦ ᠪᠠᠶᠢᠨ᠎ᠠ᠃ ᠠᠳᠡ | ᠡᠳᠦᠷ ᠳᠤᠳᠤᠮ ᠠᠩᠬᠠᠷᠤᠯ ᠳᠠᠭᠠᠨ ᠠᠪᠤᠮᠠᠷ ᠭᠡᠳᠦᠨ ᠨᠢᠳᠤ ᠪᠠᠨ ᠬᠠᠮᠠᠭᠠᠯᠠᠬᠤ ᠠᠷᠭ᠎ᠠ ᠶᠢ ᠳᠠᠨᠢᠯᠴᠠᠭᠤᠯᠤᠶ᠎ᠠ᠃ | ᠳᠦᠪ ᠰᠠᠭᠤᠨ᠎ᠠ | ᠬᠢᠴᠢᠶᠡᠯ ᠰᠤᠷᠤᠯᠭ᠎ᠠ᠂ ᠰᠠᠭᠤᠳᠠᠯ ᠤᠨ ᠠᠵᠢᠯ ᠳᠤ ᠰᠢᠮᠳᠠᠵᠤ ᠪᠠᠶᠢᠭ᠎ᠠ ᠬᠦᠮᠦᠰ ᠳᠦᠪ ᠰᠠᠭᠤᠬᠤ ᠶᠢ ᠠᠩᠬᠠᠷᠴᠤ᠂ | ᠬᠦᠵᠦᠭᠦᠦ ᠰᠡᠭᠡᠷ᠂ ᠨᠢᠷᠤᠭᠤ᠂ ᠬᠦᠯ ᠭᠠᠷ ᠬᠦᠰᠢᠵᠦ ᠴᠢᠨᠦᠬᠦ᠂ ᠨᠢᠳᠤ ᠶᠠᠳᠠᠷᠠᠬᠤ ᠠᠴᠠ ᠵᠠᠶᠢᠯᠠᠰᠬᠢᠪᠠᠯ ᠵᠤᠬᠢᠨ᠎ᠠ᠃ | | | | | ᠦᠷᠭᠦᠯᠵᠢ ᠨᠢᠳᠤ ᠪᠠᠨ ᠴᠠᠪᠴᠢᠯᠠᠨᠠ | ᠬᠦᠮᠦᠰ ᠺᠤᠮᠫᠢᠦ᠋ᠲ᠋ᠧᠷ ᠳᠡᠭᠡᠷ᠎ᠡ ᠠᠵᠢᠯᠯᠠᠬᠤ ᠳᠠᠭᠠᠨ ᠪᠦᠷ ᠨᠢᠳᠤ ᠪᠠᠨ ᠴᠠᠪᠴᠢᠬᠤ ᠪᠠᠨ ᠮᠠᠷᠳᠠᠴᠢᠬᠠᠳᠠᠭ ᠰᠢᠬ | ᠬᠠᠷᠠᠭᠳᠠᠳᠠᠭ᠃ ᠡᠨᠡ ᠨᠢ ᠨᠢᠯᠪᠤᠰᠤᠨ ᠤ ᠨᠢᠳᠤ ᠶᠢ ᠴᠢᠭᠢᠭᠳᠦᠭᠦᠯᠵᠦ ᠭᠤᠯᠭᠤᠮᠠᠳᠠᠭᠠᠢ ᠪᠤᠯᠭᠠᠬᠤ ᠦᠢᠯᠡᠳᠦᠯ ᠢ ᠨᠢ | ᠪᠠᠭᠤᠷᠠᠭᠤᠯᠳᠠᠭ᠃ ᠳᠡᠶᠢᠮᠦ ᠠᠴᠠ ᠦᠷᠭᠦᠯᠵᠢ ᠨᠢᠳᠤ ᠪᠠᠨ ᠴᠠᠪᠴᠢᠯᠠᠵᠤ ᠪᠠᠶᠢᠬᠤ ᠶᠢ ᠠᠩᠬᠠᠷ᠃ ᠤᠷᠳᠤ | ᠬᠤᠭᠤᠴᠠᠭ᠎ᠠ ᠪᠠᠷ ᠺᠤᠮᠫᠢᠦ᠋ᠲ᠋ᠧᠷ ᠳᠡᠭᠡᠷ᠎ᠡ ᠠᠵᠢᠯᠯᠠᠳᠠᠭ ᠬᠦᠮᠦᠰ ᠵᠤᠬᠢᠶᠠᠮᠠᠯ ᠨᠢᠯᠪᠤᠰᠤ ᠭᠡᠷᠡᠭᠯᠡᠭᠰᠡᠨ ᠴᠤ ᠪᠤᠯᠤᠨ᠎ᠠ᠃ | | ᠨᠢᠳᠤᠨ ᠤ ᠳᠠᠮᠢᠷ ᠬᠢᠵᠦ ᠨᠢᠳᠤᠨ ᠤ ᠶᠠᠳᠠᠷᠠᠭ᠎ᠠ ᠶᠢ ᠳᠠᠶᠢᠯᠤᠨ᠎ᠠ | ᠤᠷᠢᠳᠠᠪᠠᠷ 5 ᠮᠧᠳ᠋ᠷ ᠤᠨ ᠬᠠᠷᠠᠯᠳᠠ ᠶᠢ ᠬᠠᠭᠠᠰ ᠮᠢᠨᠦ᠋ᠲ ᠬᠠᠷᠠᠵᠤ᠂ ᠨᠢᠳᠤᠨ ᠤ ᠪᠤᠯᠴᠢᠩ ᠢ ᠰᠤᠯᠠᠷᠠᠭᠤᠯᠵᠤ | ᠪᠤᠯᠤᠷᠯᠢᠬ ᠴᠤᠭᠴᠠ ᠶᠢ ᠳᠡᠭᠰᠢ ᠪᠤᠯᠭᠠᠨ᠎ᠠ︔ ᠳᠠᠷᠠᠭ᠎ᠠ ᠨᠢ 30 ᠰᠡᠨᠲ᠋ᠢᠮᠧᠳ᠋ᠷ ᠤᠨ ᠬᠠᠷᠠᠯᠳᠠ ᠶᠢ ᠬᠠᠷᠠᠵᠤ ᠨᠢᠳᠤᠨ ᠤ | ᠪᠤᠯᠴᠢᠩ ᠢ ᠴᠢᠩᠭᠠᠷᠠᠭᠤᠯᠤᠨ᠂ ᠪᠤᠯᠤᠷᠯᠢᠬ ᠴᠤᠭᠴᠠ ᠶᠢ ᠵᠤᠵᠠᠭᠠᠨ ᠪᠤᠯᠭᠠᠨ᠎ᠠ︔ ᠬᠤᠯᠠ ᠶᠢ ᠬᠠᠷᠠᠬᠤ ᠪᠠ | ᠤᠢᠢᠷ᠎ᠠ ᠶᠢ ᠬᠠᠷᠠᠬᠤ ᠶᠢ ᠡᠭᠡᠯᠵᠢᠯᠡᠭᠦᠯᠦᠨ᠂ ᠤᠳᠠᠭ᠎ᠠ ᠪᠤᠯᠭᠠᠨ 10 — 15 ᠮᠢᠨᠦ᠋ᠲ᠂ ᠡᠳᠦᠷ ᠲᠤ 3 — | 4 ᠤᠳᠠᠭ᠎ᠠ ᠬᠢᠨ᠎ᠠ᠃ ᠢᠢᠮᠦ ᠳᠠᠮᠢᠷ ᠬᠢᠪᠡᠯ ᠨᠢᠳᠤᠨ ᠤ ᠹᠢᠽᠢᠤᠯᠤᠬᠢ ᠶᠢᠨ ᠵᠤᠬᠢᠴᠠᠭᠤᠯᠭ᠎ᠠ ᠶᠢᠨ ᠴᠢᠳᠠᠪᠤᠷᠢ ᠶᠢ | ᠰᠠᠶᠢᠵᠢᠷᠠᠭᠤᠯᠵᠤ᠂ ᠨᠢᠳᠤᠨ ᠬᠠᠷᠠᠭ᠎ᠠ ᠪᠠᠨ ᠬᠠᠮᠠᠭᠠᠯᠠᠬᠤ ᠵᠤᠷᠢᠯᠭ᠎ᠠ ᠳᠠᠭᠠᠨ ᠬᠦᠷᠴᠦ ᠪᠤᠯᠳᠠᠭ᠃ | | ᠨᠢᠳᠤ ᠶᠢ ᠬᠠᠮᠠᠭᠠᠯᠠᠳᠠᠭ ᠦᠩᠭᠡ | ᠨᠤᠭᠤᠭᠠᠨ ᠦᠩᠭᠡ ᠨᠢ ᠬᠡᠦᠬᠡᠳ ᠪᠠᠭᠠᠴᠤᠳ ᠤᠨ ᠨᠢᠳᠤᠨ ᠤ ᠡᠷᠡᠭᠦᠯ ᠮᠡᠨᠳᠦ ᠳᠤ ᠳᠤᠰᠠᠳᠠᠢ ᠪᠠᠶᠢᠳᠠᠭ᠃ | ᠤᠯᠠᠭᠠᠨ ᠰᠢᠷ᠎ᠡ ᠦᠩᠭᠡᠨ ᠤ ᠤᠢᠢᠯᠳᠠ ᠨᠢ ᠬᠤᠷᠴᠠ᠂ ᠨᠢᠳᠤᠨ ᠳᠤ ᠦᠭᠬᠦ ᠰᠡᠳᠡᠯᠳᠡ ᠨᠢ ᠶᠡᠭᠡ ᠪᠠᠶᠢᠳᠠᠭ᠃ | ᠨᠤᠭᠤᠭᠠᠨ ᠦᠩᠭᠡ ᠶᠢᠨ ᠤᠢᠢᠯᠳᠠ ᠨᠢ ᠳᠤᠮᠳᠠ ᠵᠡᠷᠭᠡ ᠶᠢᠨ ᠪᠠᠶᠢᠵᠤ᠂ ᠬᠦᠮᠦᠨ ᠤ ᠮᠡᠳᠡᠷᠡᠯ ᠤᠨ ᠰᠢᠰᠲ᠋ᠧᠮ᠂ | ᠳᠠᠷᠢᠬᠢᠨ ᠤ ᠪᠤᠷᠤ ᠳᠠᠪᠬᠤᠷᠭ᠎ᠠ ᠪᠠ ᠨᠢᠳᠤᠨ ᠤ ᠳᠤᠤᠷᠯᠢᠬ ᠪᠦᠷᠭᠦᠪᠴᠢ ᠳᠤ ᠭᠡᠳᠦ ᠴᠢᠩᠭ᠎ᠠ ᠰᠡᠳᠡᠯᠳᠡ ᠦᠭᠳᠡᠭ | ᠦᠭᠡᠢ᠃ ᠡᠭᠦᠨ ᠠᠴᠠ ᠭᠠᠳᠠᠨ᠎ᠠ᠂ ᠨᠤᠭᠤᠭᠠᠨ ᠦᠩᠭᠡᠳᠦ ᠤᠷᠭᠤᠮᠠᠯ ᠨᠢ ᠬᠤᠷᠴᠠ ᠭᠡᠷᠡᠯ ᠤᠨ ᠨᠢᠳᠤᠨ ᠳᠤ ᠦᠭᠬᠦ | ᠴᠢᠩᠭ᠎ᠠ ᠰᠡᠳᠡᠯᠳᠡ ᠶᠢ ᠨᠠᠮᠳᠠᠭᠤᠯᠳᠠᠭ ᠢᠶᠠᠷ ᠪᠠᠷᠠᠬᠤ ᠦᠭᠡᠢ᠂ ᠨᠢᠳᠤᠨ ᠳᠤ ᠬᠤᠬᠢᠷᠠᠭᠤᠯᠤᠯ ᠤᠴᠠᠷᠠᠭᠤᠯᠳᠠᠭ | ᠬᠦᠷᠢᠨ ᠤ ᠭᠠᠳᠠᠨᠠᠬᠢ ᠳᠤᠶᠠᠭ᠎ᠠ ᠶᠢ ᠰᠢᠩᠭᠡᠭᠡᠨ ᠠᠪᠬᠤ ᠦᠢᠯᠡᠳᠦᠯ ᠲᠠᠢ᠃ | | ᠨᠠᠶᠢᠷᠠᠭᠤᠯᠤᠭᠴᠢ᠄ ᠪᠤᠶᠠᠨ᠋ᠦ᠌ᠨᠳᠦᠰᠦ |