ᠠᠵᠢᠯ ᠬᠠᠪᠰᠤᠷᠭᠠᠬᠤ ᠵᠠᠷ ᠤᠨ ᠳᠤᠬᠠᠢ ᠰᠥᠯᠵᠢᠶᠡᠨ ᠮᠡᠬᠡᠯᠡᠯ
ᠨᠡᠶᠢᠲᠡᠯᠡᠭᠰᠡᠨ ᠴᠠᠭ᠄
2018-07-03
       
    ︽ᠺᠤᠮᠫᠢᠦ᠋ᠲ᠋ᠧᠷ ᠪᠤᠶᠤ ᠤᠶᠤᠨᠴᠢ ᠭᠠᠷ ᠤᠳᠠᠰᠤ ᠲᠠᠢ ᠪᠤᠯ ᠠᠵᠢᠯᠯᠠᠬᠤ ᠭᠠᠵᠠᠷ ᠲᠤ ᠬᠢᠵᠠᠭᠠᠷᠯᠠᠭᠳᠠᠬᠤ ᠥᠭᠡᠢ ᠪᠠᠷ᠂ ᠭᠡᠷ ᠲᠤ ᠪᠠᠨ ᠪᠤᠶᠤ ᠰᠤᠷᠤᠭᠴᠢ ᠶᠢᠨ ᠪᠠᠶᠢᠷᠢ ᠳᠤ ᠪᠠᠨ ᠪᠥᠷ ᠠᠵᠢᠯ ᠢᠶᠠᠨ ᠬᠢᠵᠤ ᠪᠤᠯᠤᠨ᠎ᠠ᠂ ᠠᠵᠢᠯᠯᠠᠬᠤ ᠴᠠᠭ ᠢᠶᠠᠨ ᠥᠪᠡᠷ ᠢᠶᠠᠨ ᠳᠤᠬᠢᠷᠠᠭᠤᠯᠵᠤ᠂ ᠴᠠᠯᠢᠩ ᠢ ᠨᠢ ᠳᠤᠰ ᠡᠳᠤᠷ ᠲᠤ ᠨᠢ ᠪᠤᠳᠤᠵᠤ ᠥᠭᠭᠦᠨ᠎ᠠ᠂ ᠡᠭᠦᠷᠭᠡ ᠪᠠᠨ ᠥᠪᠡᠷ ᠢᠶᠠᠨ ᠰᠤᠩᠭᠤᠵᠤ᠂ ᠬᠢᠬᠦ ᠳᠤᠷ᠎ᠠ ᠲᠠᠢ ᠪᠤᠯ ᠬᠢᠵᠤ᠂ ᠬᠢᠬᠦ ᠳᠤᠷ᠎ᠠ ᠥᠭᠡᠢ ᠪᠤᠯ ᠪᠠᠶᠢᠴᠢᠬᠠᠨ᠎ᠠ ᠁︾ ᠭᠡᠬᠦ ᠮᠡᠳᠤ ᠶᠢᠨ ᠠᠵᠢᠯ ᠬᠠᠪᠰᠤᠷᠭᠠᠨ ᠬᠢᠬᠦ ᠠᠵᠢᠯᠳᠠᠨ ᠤᠷᠢᠵᠤ ᠡᠯᠰᠡᠬᠦ ᠮᠡᠳᠡᠭᠡ ᠵᠠᠩᠬᠢ ᠡᠯ᠎ᠠ ᠤᠷᠢᠵᠤ ᠡᠯᠰᠡᠬᠦ ᠰᠥᠯᠵᠢᠶᠡᠨ ᠳᠡᠭᠡᠷ᠎ᠠ ᠨᠡᠶᠢᠳᠡᠮ ᠳᠠᠷᠬᠠᠵᠤ ᠪᠠᠶᠢᠳᠠᠭ᠃ ᠤᠶᠤᠳᠠᠨ ᠰᠢᠶᠤᠤ ᠯᠢ ᠰᠥᠯᠵᠢᠶᠡᠨ ᠳᠡᠭᠡᠷ᠎ᠠ ᠶᠠᠭ ᠡᠶᠢᠮᠤᠷᠬᠦ ᠤᠷᠢᠵᠤ ᠡᠯᠰᠡᠬᠦ ᠮᠡᠳᠡᠭᠡ ᠵᠠᠩᠬᠢ ᠤᠯᠵᠤ᠂ ᠤᠷᠢᠭᠳᠠᠨ ᠡᠯᠰᠡᠭᠰᠡᠨ ᠤ ᠳᠠᠷᠠᠭ᠎ᠠ ᠮᠡᠬᠡᠯᠡᠭᠳᠡᠭᠰᠡᠨ ᠪᠠᠶᠢᠨ᠎ᠠ᠃     ︽ᠡᠨᠡ ᠵᠢᠯ ᠤᠨ ᠬᠢᠴᠢᠶᠡᠯ ᠤᠨ ᠳᠤᠬᠢᠷᠠᠭᠤᠯᠭ᠎ᠠ ᠳᠡᠶᠢᠮᠤ ᠠᠷᠪᠢᠨ ᠪᠢᠰᠢ ᠪᠤᠯᠬᠤᠷ ᠰᠤᠯᠠ ᠴᠠᠭ ᠢᠶᠠᠨ ᠠᠰᠢᠭᠯᠠᠨ ᠠᠵᠢᠯ ᠬᠠᠪᠰᠤᠷᠭᠠᠨ ᠬᠢᠶ᠎ᠠ ᠭᠡᠵᠤ ᠤᠷᠢᠵᠤ ᠡᠯᠰᠡᠬᠦ ᠰᠥᠯᠵᠢᠶᠡᠨ ᠳᠤ ᠭᠠᠷᠴᠤ᠂ ᠰᠥᠯᠵᠢᠶᠡᠨ ᠳᠡᠭᠡᠷᠡᠬᠢ ᠬᠠᠪᠰᠤᠷᠭᠠᠭᠰᠠᠨ ᠠᠵᠢᠯ ᠬᠢᠬᠦ ᠳᠠᠪᠴᠠᠩ ᠳᠤ ᠤᠶᠤᠳᠠᠳ ᠤᠨ ᠬᠠᠪᠰᠤᠷᠭᠠᠭᠰᠠᠨ ᠠᠵᠢᠯ ᠤᠨ QQ ᠶᠢᠨ ᠴᠤᠭᠯᠠᠭᠠᠨ ᠳᠤ ᠨᠡᠷ᠎ᠠ ᠪᠠᠨ ᠬᠠᠳᠠᠪᠠ︾ ᠭᠡᠵᠤ ᠰᠢᠶᠤᠤ ᠯᠢ ᠬᠡᠯᠡᠨ᠎ᠠ᠃ ᠳᠤᠰ ᠴᠤᠭᠯᠠᠭᠠᠨ ᠳᠤ ᠤᠷᠤᠭᠰᠠᠨ ᠤ ᠳᠠᠷᠠᠭ᠎ᠠ᠂ ᠭᠡᠰᠢᠭᠦᠳ ᠨᠢ ᠮᠠᠰᠢ ᠬᠠᠯᠠᠭᠤᠮᠰᠤᠭ ᠢᠶᠠᠷ ᠡᠯ᠎ᠠ ᠵᠥᠢᠯ ᠤᠨ ᠮᠡᠳᠡᠭᠡ ᠵᠠᠩᠬᠢ ᠢᠷᠡᠭᠦᠯᠵᠤ᠂ ᠰᠢᠶᠤᠤ ᠯᠢ ᠳᠤ ᠬᠠᠪᠰᠤᠷᠭᠠᠬᠤ ᠠᠵᠢᠯ ᠤᠨ ᠳᠤᠬᠠᠢ ᠳᠠᠨᠢᠯᠴᠠᠭᠤᠯᠪᠠ᠃     ︽ᠳᠡᠳᠡ ᠭᠤᠤᠯᠳᠠᠭᠤ ᠲᠢᠶᠡᠨ ᠮᠤᠤ᠂ ᠳᠤᠤ ᠪᠤᠤ ᠰᠥᠯᠵᠢᠶ᠎ᠠ ᠶᠢᠨ ᠬᠡᠷᠡᠭᠯᠡᠭᠴᠢᠳ ᠲᠤ ᠥᠢᠯᠡᠴᠢᠯᠡᠬᠦ᠂ ᠥᠰᠥᠭ ᠰᠢᠪᠡᠬᠦ᠂ ᠳᠠᠪᠴᠠᠩ ᠤᠨ ᠤᠳᠠᠰᠤᠨ ᠤ ᠥᠢᠯᠡᠴᠢᠯᠡᠭᠡ ᠬᠠᠩᠭᠠᠬᠤ ᠵᠢᠴᠢ ᠵᠢᠷᠬᠢᠶ᠎ᠠ ᠶᠢᠨ ᠠᠷᠠᠯᠵᠢᠶᠠᠴᠢᠨ ᠤ ᠥᠢᠯᠡᠴᠢᠯᠡᠭᠡ ᠬᠠᠩᠭᠠᠬᠤ ᠵᠡᠷᠭᠡ ᠬᠡᠳᠤᠨ ᠵᠥᠢᠯ ᠤᠨ ᠠᠵᠢᠯ ᠳᠠᠨᠢᠯᠴᠠᠭᠤᠯᠪᠠ᠃ ᠠᠵᠢᠯ ᠪᠥᠷᠢ ᠶᠢᠨ ᠠᠰᠢᠭ ᠤᠷᠤᠯᠭ᠎ᠠ ᠨᠢ ᠮᠠᠰᠢ ᠬᠠᠩᠭᠠᠮᠵᠢᠳᠡᠢ ᠪᠠᠶᠢᠵᠤ᠂ ᠵᠢᠱᠢᠶᠡᠯᠡᠪᠡᠯ ᠥᠰᠥᠭ ᠰᠢᠪᠡᠭᠴᠢ ᠶᠢᠨ ᠠᠵᠢᠯ᠂ ᠥᠭᠦᠯᠡᠯ ᠤᠨ ᠥᠰᠥᠭ ᠢ ᠺᠤᠮᠫᠢᠦ᠋ᠲ᠋ᠧᠷ ᠲᠤ ᠰᠢᠪᠡᠵᠤ ᠤᠷᠤᠭᠤᠯᠬᠤ ᠳᠤ ᠲᠥᠮᠡᠨ ᠥᠰᠥᠭ ᠪᠥᠷᠢ 100 — 300 ᠲᠥᠭᠦᠷᠢᠭ ᠂ ᠳᠤᠭᠤᠵᠢ ᠶᠢᠨ ᠡᠬᠡ ᠪᠢᠴᠢᠭ ᠢ ᠺᠤᠮᠫᠢᠦ᠋ᠲ᠋ᠧᠷ ᠲᠤ ᠰᠢᠪᠡᠵᠤ ᠤᠷᠤᠭᠤᠯᠬᠤ ᠳᠤ ᠲᠥᠮᠡᠨ ᠥᠰᠥᠭ ᠪᠥᠷᠢ 200 — 550 ᠲᠥᠭᠦᠷᠢᠭ᠂ ᠬᠤᠷᠠᠯ ᠤᠨ ᠳᠠᠭᠤ ᠰᠢᠩᠭᠡᠭᠡᠯᠳᠡ ᠶᠢ ᠺᠤᠮᠫᠢᠦ᠋ᠲ᠋ᠧᠷ ᠲᠤ ᠰᠢᠪᠡᠵᠤ ᠤᠷᠤᠭᠤᠯᠬᠤ ᠳᠤ ᠲᠥᠮᠡᠨ ᠥᠰᠥᠭ ᠪᠥᠷᠢ 300 — 650 ᠲᠥᠭᠦᠷᠢᠭ ᠭᠡᠵᠤ ᠤᠷᠢᠵᠤ ᠡᠯᠰᠡᠭᠴᠢ ᠠᠴᠠ ᠠᠮᠠᠯᠳᠠᠭᠰᠠᠨ ᠪᠠᠶᠢᠨ᠎ᠠ᠃  ᠡᠭᠦᠨ ᠠᠴᠠ ᠭᠠᠳᠠᠨ᠎ᠠ ᠬᠥᠮᠥᠰ ᠤᠨ ᠠᠩᠬᠠᠷᠤᠯ ᠢ ᠬᠠᠮᠤᠭ ᠳᠠᠳᠠᠬᠤ ᠨᠢ ᠳᠠᠷᠤᠢ ᠳᠤᠰ ᠳᠠᠪᠴᠠᠩ ᠤᠨ ᠬᠠᠪᠰᠤᠷᠭᠠᠭᠰᠠᠨ ᠠᠵᠢᠯ ᠨᠢ ᠳᠤᠭᠳᠠᠭᠰᠠᠨ ᠠᠵᠢᠯ ᠤᠨ ᠭᠠᠵᠠᠷ ᠥᠭᠡᠢ ᠮᠥᠷᠳᠡᠭᠡᠨ ᠪᠠᠰᠠ ᠠᠵᠢᠯ ᠤᠨ ᠴᠠᠭ ᠤᠨ ᠬᠢᠵᠠᠭᠠᠷ ᠥᠭᠡᠢ︾ ᠭᠡᠵᠤ ᠰᠢᠶᠤᠤ ᠯᠢ ᠶᠠᠷᠢᠨ᠎ᠠ᠃      ᠰᠢᠶᠤᠤ ᠯᠢ ᠶᠢᠨ ᠬᠡᠯᠡᠬᠦ ᠪᠠᠷ᠂ ᠡᠨᠡ ᠬᠦ ᠠᠵᠢᠯ ᠨᠢ ᠳᠡᠭᠦᠨ ᠤ ᠥᠪᠡᠷ ᠤᠨ ᠪᠠᠶᠢᠳᠠᠯ ᠳᠤ ᠨᠢ ᠨᠡᠯᠢᠶᠡᠳ ᠵᠤᠬᠢᠴᠠᠬᠤ ᠪᠤᠯᠬᠤᠷ ᠨᠡᠷ᠎ᠠ ᠮᠡᠳᠡᠭᠦᠯᠬᠦ ᠱᠠᠭᠠᠷᠳᠠᠯᠭ᠎ᠠ ᠶᠤᠰᠤᠭᠠᠷ ᠭᠠᠷ ᠤᠳᠠᠰᠤᠨ ᠳᠡᠭᠡᠷ᠎ᠠ ᠪᠠᠨ ︽YY ᠳᠤᠷᠰᠢᠨ ᠰᠤᠨᠤᠰᠬᠤ︾ APP ᠶᠢ ᠪᠠᠭᠤᠯᠭᠠᠵᠤ᠂ ᠱᠠᠭᠠᠷᠳᠠᠯᠭ᠎ᠠ ᠶᠤᠰᠤᠭᠠᠷ ᠪᠠᠰᠠ YY ᠨᠤᠮᠧᠷ ᠳᠤᠳᠤᠷ᠎ᠠ ᠥᠪᠡᠷ ᠤᠨ ᠰᠠᠶᠢᠨ ᠨᠠᠶᠢᠵᠠ ᠨᠠᠷ ᠢᠶᠠᠨ ᠨᠡᠮᠡᠵᠤ ᠤᠷᠤᠭᠤᠯᠤᠭᠰᠠᠨ ᠤ ᠳᠠᠷᠠᠭ᠎ᠠ ︽ᠰᠠᠶᠢᠨ ᠨᠠᠶᠢᠵᠠ︾ ᠨᠠᠷ ᠨᠢ YY ᠨᠤᠮᠧᠷ ᠢᠶᠠᠷ ᠳᠠᠮᠵᠢᠭᠤᠯᠵᠤ᠂ ᠳᠠᠪᠳᠠᠮᠵᠢ ᠶᠢᠨ ᠵᠤᠯᠭᠠᠯᠴᠠᠭᠤᠷ ᠢᠶᠠᠨ ᠢᠷᠡᠭᠦᠯᠵᠤ᠂ ᠳᠡᠭᠦᠨ ᠢ ᠪᠠᠨ ᠠᠪᠢᠶᠠᠯᠠᠪᠤᠷᠢ ᠶᠢᠨ ᠤᠷᠢᠵᠤ ᠡᠯᠰᠡᠬᠦ ᠳᠠᠪᠳᠠᠮᠵᠢ ᠳᠤ ᠰᠢᠯᠵᠢᠭᠦᠯᠥᠨ ᠤᠷᠤᠭᠤᠯᠪᠠ᠃ ᠡᠨᠡ ᠬᠦ ᠳᠠᠪᠳᠠᠮᠵᠢ ᠳᠤᠳᠤᠷ᠎ᠠ ᠳᠡᠭᠦᠨ ᠲᠠᠢ ᠠᠳᠠᠯᠢ ᠤᠷᠢᠵᠤ ᠡᠯᠰᠡᠬᠦ ᠳᠤ ᠤᠷᠤᠯᠴᠠᠭᠰᠠᠨ ᠬᠥᠮᠥᠨ ᠬᠡᠳᠤ ᠬᠡᠳᠤ ᠪᠠᠶᠢᠯ᠎ᠠ᠃     ︽ᠡᠨᠡ ᠬᠦ ᠳᠠᠪᠳᠠᠮᠵᠢ ᠳᠤ ︿ᠳᠤᠮᠤ ᠨᠠᠷᠠ﹀ ᠭᠡᠬᠦ ᠨᠢᠭᠡᠨ ᠬᠠᠷᠢᠭᠤᠴᠠᠯᠭᠠᠳᠠᠨ ᠪᠠᠶᠢᠳᠠᠭ᠂ ᠤᠷᠢᠭᠳᠠᠨ ᠡᠯᠰᠡᠭᠳᠡᠭᠴᠢ ᠶᠢᠨ ᠠᠰᠢᠭ ᠳᠤᠰᠠ ᠶᠢ ᠪᠠᠳᠤᠯᠠᠬᠤ ᠶᠢᠨ ᠳᠤᠰᠠᠳᠠ᠂ ᠳᠤᠰ ᠳᠠᠪᠴᠠᠩ ᠭᠡᠰᠢᠭᠦᠳ ᠤᠨ ᠲᠥᠷᠢᠮ ᠤᠨ ᠬᠡᠯᠪᠡᠷᠢ ᠶᠢ ᠬᠡᠷᠡᠭᠵᠢᠭᠦᠯᠵᠤ᠂ ᠪᠠᠳᠤᠯᠠᠭ᠎ᠠ ᠶᠢᠨ ᠵᠤᠭᠤᠰ ᠳᠤᠰᠢᠶᠠᠵᠤ᠂ ᠭᠡᠰᠢᠭᠦᠳ ᠤᠨ ᠨᠡᠶᠢᠬᠡᠮᠯᠢᠭ ᠲᠤ ᠤᠷᠤᠬᠤ ᠬᠡᠷᠡᠭᠳᠡᠢ ᠭᠡᠵᠤ ᠱᠠᠭᠠᠷᠳᠠᠪᠠ︾ ᠭᠡᠵᠤ ᠰᠢᠶᠤᠤ ᠯᠢ ᠶᠠᠷᠢᠪᠠ᠃ ᠤᠷᠢᠭᠳᠠᠨ ᠡᠯᠰᠡᠭᠳᠡᠭᠴᠢ ᠶᠢᠨ ᠢᠳᠡᠭᠡᠯ ᠢ ᠨᠡᠮᠡᠭᠳᠡᠭᠦᠯᠬᠦ ᠶᠢᠨ ᠳᠤᠰᠠᠳᠠ᠂ ᠤᠷᠢᠵᠤ ᠡᠯᠰᠡᠭᠴᠢ ᠠᠴᠠ ᠥᠪᠡᠷ ᠤᠨ ᡁᠢ ᠹᠥ᠋ ᠪᠤᠤ ᠳᠠᠮᠵᠢᠭᠤᠯᠭ᠎ᠠ ᠶᠢᠨ ᠠᠴᠢᠶᠠᠯᠠᠭᠴᠢ ᠵᠢᠷᠤᠭ ᠪᠠ ᠬᠠᠭᠤᠳᠠᠰᠤ ᠳᠤᠰᠤᠭᠰᠠᠨ ᠠᠮᠵᠢᠯᠳᠠ ᠶᠢᠨ ᠠᠷᠭ᠎ᠠ ᠪᠠᠷᠢᠯ ᠤᠨ ᠳᠠᠨᠢᠯᠴᠠᠭᠤᠯᠭ᠎ᠠ ᠪᠠᠨ ᠢᠷᠡᠭᠦᠯᠵᠤ᠂ ᠥᠪᠡᠷ ᠢᠶᠠᠨ ᠨᠢᠭᠡ ᠰᠠᠷ᠎ᠠ ᠳᠤᠳᠤᠷ᠎ᠠ ᠪᠠ ᠠᠮᠠᠷᠬᠠᠨ ᠢᠶᠠᠷ ᠬᠡᠳᠤᠨ ᠮᠢᠩᠭᠠᠨ ᠲᠥᠭᠦᠷᠢᠭ ᠤᠨ ᠠᠰᠢᠭ ᠤᠷᠤᠯᠭ᠎ᠠ ᠤᠯᠤᠭᠰᠠᠨ ᠭᠡᠵᠤ ᠭᠡᠯᠡᠭᠰᠡᠨ ᠪᠠᠶᠢᠨ᠎ᠠ᠃ ᠳᠠᠷᠠᠭ᠎ᠠ ᠨᠢ ᠳᠠᠬᠢᠭᠠᠳ ᠪᠠᠰᠠ ᠤᠷᠢᠵᠤ ᠡᠯᠡᠰᠭᠴᠢ ᠠᠴᠠ ᠳᠤᠰ ᠳᠠᠪᠴᠠᠩ ᠤᠨ ᠭᠡᠰᠢᠭᠦᠳ ᠢ ᠡᠩ ᠤᠨ ᠳᠠᠰ᠂ ᠳᠡᠭᠡᠳᠤ ᠳᠡᠰ᠂ ᠴᠠᠭᠠᠨ ᠠᠯᠳᠠᠨ ᠳᠡᠰ᠂ ᠠᠯᠮᠠᠰ ᠳᠡᠰ ᠭᠡᠬᠦ ᠲᠥᠷᠪᠡᠨ ᠳᠡᠰ ᠬᠤᠪᠢᠶᠠᠵᠤ᠂ ᠥᠨ᠎ᠠ ᠬᠠᠩᠰᠢ ᠨᠢ 99 ᠲᠥᠭᠦᠷᠢᠭ ᠠᠴᠠ 398 ᠲᠥᠭᠦᠷᠢᠭ ᠤᠨ ᠬᠤᠭᠤᠷᠤᠨᠳᠤ ᠪᠠᠶᠢᠵᠤ᠂ ᠪᠠᠳᠤᠯᠠᠭ᠎ᠠ ᠶᠢᠨ ᠮᠥᠩᠬᠦ ᠶᠢ ᠨᠢ ᠬᠡᠰᠡᠭ ᠬᠤᠭᠤᠴᠠᠭ᠎ᠠ ᠠᠵᠢᠯᠯᠠᠭᠰᠠᠨ ᠤ ᠳᠠᠷᠠᠭ᠎ᠠ ᠪᠥᠬᠦᠳᠡ ᠶᠢ ᠨᠢ ᠪᠤᠴᠠᠭᠠᠵᠤ ᠥᠭᠭᠦᠨ᠎ᠠ ᠭᠡᠯ᠎ᠠ᠃ ᠡᠨᠡ ᠬᠦ ᠠᠵᠢᠯ ᠢ ᠤᠯᠬᠤ ᠶᠢᠨ ᠲᠥᠯᠥᠭᠡ ᠰᠢᠶᠤᠤ ᠯᠢ ᠪᠤᠯᠤᠨ ᠪᠤᠰᠤᠳ ᠭᠡᠰᠢᠭᠦᠳ ᠨᠢ ᡁᠢ ᠹᠥ᠋ ᠪᠤᠤ ᠶᠢᠨ ᠳᠠᠩᠰᠠᠨ ᠡᠷᠤᠬᠡ ᠪᠠᠷ ᠢᠶᠠᠨ 99 ᠲᠥᠭᠦᠷᠢᠭ ᠳᠤᠰᠢᠶᠠᠵᠤ᠂ ᠵᠢᠩᠬᠢᠨᠢ ᠭᠡᠰᠢᠭᠦᠨ ᠪᠤᠯᠤᠭᠰᠠᠨ ᠪᠠᠶᠢᠨ᠎ᠠ᠃     ︽ᠵᠢᠩᠬᠢᠨᠢ ᠭᠡᠰᠢᠭᠦᠨ ᠪᠤᠯᠤᠭᠰᠠᠨ ᠤ ᠳᠠᠷᠠᠭ᠎ᠠ ᠤᠷᠢᠵᠤ ᠡᠯᠰᠡᠭᠴᠢ ᠠᠴᠠ ᠨᠢᠭᠡ ᠤᠳᠠᠭᠠᠨ ᠤ ᠳᠤᠷᠰᠢᠯᠳᠠ ᠶᠢ ᠠᠮᠵᠢᠯᠳᠠ ᠲᠠᠢ ᠪᠡᠶᠡᠯᠡᠭᠦᠯᠥᠭᠰᠡᠨ ᠤ ᠳᠠᠷᠠᠭ᠎ᠠ ᠰᠠᠶ᠋ᠢ ᠠᠵᠢᠯ ᠤᠨ ᠪᠠᠶᠢᠷᠢ ᠳᠤ ᠵᠢᠩᠬᠢᠨᠢ ᠪᠠᠷ ᠭᠠᠷᠤᠨ᠎ᠠ ᠭᠡᠵᠤ ᠱᠠᠭᠠᠷᠳᠠᠪᠠ᠃ ᠭᠡᠪᠡᠴᠤ ᠶᠠᠭᠠᠬᠢᠵᠤ ᠳᠤᠷᠰᠢᠭᠰᠠᠨ ᠴᠤ ᠪᠥᠷ ᠪᠥᠳᠥᠵᠤ ᠳᠡᠶᠢᠯᠬᠦ ᠥᠭᠡᠢ ᠪᠤᠯᠬᠤ ᠥᠶ᠎ᠠ ᠳᠤ᠂ ᠪᠤᠯᠪᠠᠰᠤᠷᠠᠭᠤᠯᠤᠭᠴᠢ ᠠᠴᠠ ᠳᠤᠷᠰᠢᠯᠳᠠ ᠶᠢ ᠪᠡᠶᠡᠯᠡᠭᠦᠯᠵᠤ ᠳᠡᠶᠢᠯᠬᠦ ᠥᠭᠡᠢ ᠪᠤᠯ ᠡᠭᠦᠷᠭᠡ ᠥᠭᠬᠦ ᠥᠭᠡᠢ᠂ ᠳᠡᠷᠡ ᠮᠥᠷᠳᠡᠭᠡᠨ ᠤᠷᠢᠳᠠᠪᠠᠷ ᠳᠤᠰᠢᠶᠠᠭᠰᠠᠨ ᠭᠡᠰᠢᠭᠦᠨ ᠤ ᠰᠥᠢᠳᠬᠡᠯ ᠢ ᠵᠠᠪᠠᠯ ᠳᠤᠷᠰᠢᠯᠳᠠ ᠶᠢ ᠪᠡᠶᠡᠯᠡᠭᠦᠯᠥᠭᠰᠡᠨ ᠤ ᠳᠠᠷᠠᠭ᠎ᠠ ᠰᠠᠶ᠋ᠢ ᠪᠤᠴᠠᠭᠠᠵᠤ ᠥᠭᠭᠦᠨ᠎ᠠ ᠭᠡᠰᠡᠨ ᠪᠠᠶᠢᠨ᠎ᠠ᠃ ᠡᠨᠡ ᠥᠶ᠎ᠠ ᠳᠤ ᠪᠢᠳᠠ ᠰᠠᠶ᠋ᠢ ᠮᠡᠬᠡᠯᠡᠭᠳᠡᠭᠰᠡᠨ ᠢᠶᠠᠨ ᠮᠡᠳᠡᠭᠰᠡᠨ ᠪᠠᠶᠢᠨ᠎ᠠ︾ ᠭᠡᠵᠤ ᠰᠢᠶᠤᠤ ᠯᠢ ᠭᠡᠮᠰᠢᠨ ᠬᠡᠯᠡᠵᠤ ᠪᠠᠶᠢᠯ᠎ᠠ᠃
 
ᠢᠷᠡᠯᠲᠡ᠄ ᠤᠷᠳᠤᠰ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19002733号-2