ᠬᠤᠪᠢ ᠬᠦᠮᠤᠨ ᠤ ᠮᠡᠳᠡᠭᠡ ᠵᠠᠩᠬᠢ ᠪᠠᠨ ᠶᠠᠭᠠᠬᠢᠵᠤ ᠬᠠᠮᠠᠭᠠᠯᠠᠬᠤ ᠪᠤᠢ︖
ᠨᠡᠶᠢᠲᠡᠯᠡᠭᠰᠡᠨ ᠴᠠᠭ᠄
2018-07-03
      ︽ᠳᠠᠨ ᠤ ᠤᠷᠢᠳᠴᠢᠯᠠᠨ ᠵᠠᠬᠢᠶᠠᠯᠠᠬᠰᠠᠨ XX ᠡᠭᠡᠯᠵᠢ ᠶᠢᠨ ᠨᠢᠰᠬᠡᠯ ᠨᠢᠰᠬᠦ ᠪᠠᠨ ᠪᠤᠯᠢᠪᠠ ᠁ ᠪᠢᠳᠠ ᠪᠤᠯ ᠡᠳ᠋ ᠠᠬᠤᠢᠢᠯᠠᠬᠤ ᠥᠢᠯᠡᠴᠢᠯᠡᠭᠡᠨ ᠤ ᠲᠥᠪ ᠤᠨ ᠬᠢ ᠁ ᠪᠢᠳᠠ ᠪᠤᠯ ᠳᠤᠳᠤᠭᠠᠳᠤ ᠶᠢ ᠬᠠᠮᠠᠭᠠᠯᠠᠬᠤ ᠳᠤᠪᠴᠢᠶᠠᠨ ᠤ ᠴᠠᠭᠳᠠᠭ᠎ᠠ᠂ ᠳᠠ ᠬᠠᠷ᠎ᠠ ᠵᠤᠭᠤᠰ ᠢᠶᠠᠨ ᠨᠢᠭᠤᠭᠰᠠᠨ ᠰᠡᠵᠢᠭ ᠲᠠᠢ ᠁︾ ᠵᠡᠷᠭᠡ ᠮᠡᠬᠡᠯᠡᠯ ᠤᠨ ᠮᠡᠳᠡᠭᠡ ᠵᠠᠩᠬᠢ ᠶᠢ ᠳᠠ ᠤᠯᠵᠤ ᠥᠩᠭᠡᠷᠡᠪᠡᠤ︖ ᠤᠯᠤᠭᠰᠠᠨ ᠤ ᠳᠠᠷᠠᠭ᠎ᠠ ᠮᠢᠨᠤ ᠬᠤᠪᠢ ᠬᠥᠮᠥᠨ ᠤ ᠮᠡᠳᠡᠭᠡ ᠵᠠᠩᠬᠢ ᠶᠢ ᠶᠠᠭᠠᠬᠢᠵᠤ ᠮᠡᠳᠡᠭᠰᠡᠨ ᠪᠤᠯ︖ ᠭᠡᠵᠤ ᠤᠬᠠᠭᠠᠨ ᠢ ᠨᠢ ᠤᠯᠬᠤ ᠥᠭᠡᠢ ᠭᠠᠶᠢᠬᠠᠰᠢᠷᠠᠬᠤ ᠮᠠᠭᠠᠳ᠃ ᠳᠠ ᠤᠪᠠᠶᠢᠨ ᠳᠤ ᠥᠭᠡᠢ ᠪᠠᠷ ᠥᠪᠡᠷ ᠤᠨ ᠮᠡᠳᠡᠭᠡ ᠵᠠᠩᠬᠢ ᠪᠠᠨ ᠵᠠᠳᠠᠷᠠᠭᠤᠯᠤᠭᠰᠠᠨ ᠪᠠᠶᠢᠵᠤ ᠮᠡᠳᠡᠨ᠎ᠠ᠃ ᠳᠡᠭᠡᠪᠡᠯ ᠬᠤᠪᠢ ᠬᠥᠮᠥᠨ ᠤ ᠮᠡᠳᠡᠭᠡ ᠵᠠᠩᠬᠢ ᠪᠠᠨ ᠶᠠᠭᠠᠬᠢᠵᠤ ᠬᠠᠮᠠᠭᠠᠯᠠᠪᠠᠯ ᠵᠤᠬᠢᠬᠤ ᠪᠤᠢ︖
    ᠠᠰᠠᠭᠤᠯᠳᠠ ᠬᠠᠷᠢᠭᠤᠯᠳᠠ ᠶᠢᠨ ᠪᠠᠶᠢᠴᠠᠭᠠᠯᠳᠠ ᠶᠢᠨ ᠰᠡᠳᠤᠪ ᠢ ᠪᠢᠳᠡᠭᠡᠢ ᠳᠤᠷ᠎ᠠ ᠪᠠᠷ ᠳᠠᠭᠯᠠ᠃     ᠤᠳᠤᠬᠠᠨ ᠳᠤ ᠠᠰᠠᠭᠤᠯᠳᠠ ᠬᠠᠷᠢᠭᠤᠯᠳᠠ ᠶᠢᠨ ᠰᠡᠳᠤᠪ ᠳᠡᠯᠭᠡᠷᠡᠵᠤ᠂ ᠰᠥᠯᠵᠢᠶᠡᠨ ᠳᠡᠭᠡᠷ᠎ᠠ᠂ ᠵᠠᠭᠡᠯᠢ ᠭᠤᠳᠤᠮᠵᠢ ᠪᠤᠶᠤ ᠰᠤᠷᠭᠠᠭᠤᠯᠢ ᠶᠢᠨ ᠬᠥᠷᠢᠶᠡᠨ ᠳᠤ ᠡᠯ᠎ᠠ ᠵᠥᠢᠯ ᠤᠨ ᠬᠡᠯᠪᠡᠷᠢ ᠪᠠᠷ ᠬᠠᠷᠢᠭᠤᠯᠳᠠ ᠬᠢᠯᠭᠡᠳᠡᠭ᠃ ᠬᠡᠷᠪᠡ ᠡᠶᠢᠮᠤᠷᠬᠦ ᠠᠰᠠᠭᠤᠯᠳᠠ ᠳᠤ ᠳᠤᠷ᠎ᠠ ᠪᠠᠷ ᠢᠶᠠᠨ ᠬᠠᠷᠢᠭᠤᠯᠳᠠ ᠥᠭᠪᠡᠯ ᠬᠤᠪᠢ ᠬᠥᠮᠥᠨ ᠤ ᠮᠡᠳᠡᠭᠡ ᠵᠠᠩᠬᠢ ᠶᠢᠨ ᠨᠢᠭᠤᠴᠠ ᠠᠮᠠᠷᠬᠠᠨ ᠵᠠᠳᠠᠷᠠᠵᠤ ᠮᠡᠳᠡᠨ᠎ᠠ᠃     ᠵᠢᠭᠠᠬᠠᠨ ᠠᠰᠢᠭ ᠲᠤ ᠪᠢᠳᠡᠭᠡᠢ ᠳᠤᠷᠠᠯᠠ᠃     ᠳᠡᠭᠷᠢ ᠠᠴᠠ ᠱᠠᠯᠪᠢᠩ ᠤᠨᠠᠵᠤ ᠢᠷᠡᠨ᠎ᠠ ᠭᠡᠭᠴᠢ ᠬᠤᠳᠠᠯ ᠬᠡᠷᠡᠭ᠂ ᠡᠯ᠎ᠠ ᠵᠥᠢᠯ ᠤᠨ ᠠᠵᠢᠯᠯᠠᠭ᠎ᠠ ᠳᠤ ᠤᠷᠤᠯᠴᠠᠵᠤ ᠥᠪᠡᠷ ᠤᠨ ᠬᠠᠷᠢᠯᠴᠠᠬᠤ ᠬᠠᠶ᠋ᠢᠭ ᠢᠶᠠᠨ ᠥᠯᠡᠳᠡᠭᠡᠪᠡᠯ ᠪᠡᠯᠡᠭ ᠬᠥᠷᠭᠡᠳᠡᠭ᠂ ᠡᠨᠡ ᠨᠢ ᠬᠤᠪᠢ ᠬᠥᠮᠥᠨ ᠤ ᠮᠡᠳᠡᠭᠡ ᠵᠠᠩᠬᠢ ᠵᠠᠳᠠᠷᠠᠬᠤ ᠵᠠᠮ ᠪᠤᠯᠤᠨ᠎ᠠ᠃     ᠲᠥᠷᠭᠡᠨ ᠳᠠᠮᠵᠢᠭᠤᠯᠭ᠎ᠠ ᠶᠢᠨ ᠪᠠᠷᠢᠮᠳᠠ ᠪᠠᠨ ᠪᠢᠳᠡᠭᠡᠢ ᠬᠠᠶᠠ᠃     ᠡᠯᠧᠺᠳ᠋ᠷᠤᠨ ᠬᠤᠳᠠᠯᠳᠤᠭᠠᠨ ᠤ ᠶᠠᠪᠤᠳᠠᠯ ᠤᠨ ᠬᠥᠭᠵᠢᠯᠳᠡ ᠶᠢ ᠳᠠᠭᠠᠯᠳᠤᠨ᠂ ᠰᠥᠯᠵᠢᠶᠡᠨ ᠳᠡᠭᠡᠷ᠎ᠠ ᠠᠴᠠ ᠬᠤᠳᠠᠯᠳᠤᠨ ᠠᠪᠬᠤ ᠪᠠ ᠲᠥᠷᠭᠡᠨ ᠳᠠᠮᠵᠢᠭᠤᠯᠭ᠎ᠠ ᠤᠯᠠᠳᠠᠵᠤ᠂ ᠪᠠᠷᠠᠭ᠎ᠠ ᠪᠠᠨ ᠳᠤᠰᠤᠭᠰᠠᠨ ᠤ ᠳᠠᠷᠠᠭ᠎ᠠ ᠪᠠᠷᠢᠮᠳᠠ ᠪᠠᠨ ᠬᠠᠶᠠᠴᠢᠬᠠᠳᠠᠭ ᠶᠠᠪᠤᠳᠠᠯ ᠵᠥᠩᠳᠡᠭᠡᠨ᠃ ᠡᠨᠡ ᠨᠢ ᠴᠤ ᠮᠠᠰᠢ ᠠᠮᠠᠷᠬᠠᠨ ᠢᠶᠠᠷ ᠬᠤᠪᠢ ᠬᠥᠮᠥᠨ ᠤ ᠮᠡᠳᠡᠭᠡ ᠵᠠᠩᠬᠢ ᠶᠢᠨ ᠨᠢᠭᠤᠴᠠ ᠶᠢ ᠵᠠᠳᠠᠷᠠᠭᠤᠯᠳᠠᠭ᠃      ᠳᠡᠷᠭᠡᠨ ᠤ ᠪᠢᠯᠧᠲ ᠪᠠ ᠨᠢᠰᠭᠡᠯ ᠤᠨ ᠪᠢᠯᠧᠲ ᠢᠶᠠᠨ ᠵᠤᠬᠢᠰᠳᠡᠢ ᠰᠢᠢᠳᠪᠤᠷᠢᠯᠡ᠃     ᠤᠳᠤᠬᠠᠨ ᠳᠤ ᠭᠠᠯᠳᠤ ᠳᠡᠷᠭᠡᠨ ᠤ ᠪᠢᠯᠧᠲ ᠪᠠ ᠨᠢᠰᠭᠡᠯ ᠤᠨ ᠪᠢᠯᠧᠲ ᠪᠥᠷ ᠥᠨᠡᠨ ᠨᠡᠷ᠎ᠠ ᠶᠢᠨ ᠲᠥᠷᠢᠮ ᠢ ᠬᠡᠷᠡᠭᠵᠢᠭᠦᠯᠵᠤ᠂ ᠪᠢᠯᠧᠲ ᠳᠡᠭᠡᠷ᠎ᠠ ᠬᠤᠪᠢ ᠬᠥᠮᠥᠨ ᠤ ᠤᠪᠤᠭ ᠪᠠ ᠪᠡᠶ᠎ᠠ ᠶᠢᠨ ᠥᠨᠡᠮᠯᠡᠯ ᠢ ᠳᠤᠳᠤᠷᠬᠠᠢ ᠪᠢᠴᠢᠵᠤ ᠪᠠᠶᠢᠭ᠎ᠠ ᠪᠤᠯᠬᠤᠷ ᠵᠤᠬᠢᠰᠳᠡᠢ ᠰᠢᠢᠳᠪᠤᠷᠢᠯᠡᠬᠦ ᠥᠭᠡᠢ ᠪᠤᠯ ᠬᠤᠪᠢ ᠬᠥᠮᠥᠨ ᠤ ᠮᠡᠳᠡᠭᠡ ᠵᠠᠩᠬᠢ ᠠᠮᠠᠷᠬᠠᠨ ᠵᠠᠳᠠᠷᠠᠳᠠᠭ᠃      ᠬᠠᠷᠢᠯᠴᠠᠬᠤ ᠤᠳᠠᠰᠤ ᠪᠠᠨ ᠥᠯᠥ ᠳᠠᠨᠢᠬᠤ ᠬᠥᠮᠥᠨ ᠳᠤ ᠪᠢᠳᠡᠭᠡᠢ ᠥᠭ᠃      ᠡᠳᠤᠷ ᠳᠤᠳᠤᠮ ᠤᠨ ᠠᠮᠢᠳᠤᠷᠠᠯ ᠳᠤᠮᠳᠠ ᠡᠯᠳᠡᠪ ᠵᠥᠢᠯ ᠤᠨ ᠬᠥᠮᠥᠰ ᠤᠳᠠᠰᠤ ᠢᠷᠡᠭᠦᠯᠵᠤ ᠪᠠᠷᠠᠭ᠎ᠠ ᠳᠠᠸᠠᠷ ᠬᠤᠳᠠᠯᠳᠤᠬᠤ ᠳᠠᠨᠢᠯᠴᠠᠭᠤᠯᠭ᠎ᠠ ᠬᠢᠳᠡᠭ᠂ ᠥᠯᠥ ᠳᠠᠨᠢᠬᠤ ᠤᠳᠠᠰᠤ ᠶᠢ ᠳᠤᠰᠪᠠᠯ ᠬᠤᠪᠢ ᠬᠥᠮᠥᠨ ᠤ ᠮᠡᠳᠡᠭᠡ ᠵᠠᠩᠬᠢ ᠴᠢᠨᠢ ᠵᠠᠳᠠᠷᠠᠵᠤ ᠮᠡᠳᠡᠨ᠎ᠠ᠃      ᠬᠡᠪᠯᠡᠨ ᠳᠠᠷᠤᠮᠠᠯᠯᠠᠭᠰᠠᠨ ᠤ ᠳᠠᠷᠠᠭ᠎ᠠ ᠬᠤᠯᠪᠤᠭᠳᠠᠯ ᠪᠥᠬᠦᠢ ᠮᠡᠳᠡᠭᠡ ᠵᠠᠩᠬᠢ ᠪᠠᠨ ᠪᠠᠯᠠᠯᠵᠤ ᠬᠠᠶᠠ᠃         ᠤᠯᠠᠩᠬᠢ ᠬᠥᠮᠥᠨ ᠥᠪᠡᠷ ᠤᠨ U ᠳᠠᠪᠠᠭ ᠳᠤᠳᠤᠷᠠᠬᠢ ᠪᠢᠴᠢᠭ ᠮᠠᠲ᠋ᠧᠷᠢᠶᠠᠯ ᠢᠶᠠᠨ ᠺᠤᠮᠫᠢᠦ᠋ᠲ᠋ᠧᠷ ᠲᠤ ᠤᠷᠤᠭᠤᠯᠵᠤ ᠬᠡᠪᠯᠡᠨ ᠳᠠᠷᠤᠮᠠᠯᠯᠠᠳᠠᠭ᠂ ᠬᠡᠪᠡᠴᠤ ᠬᠡᠪᠯᠡᠨ ᠳᠠᠷᠤᠮᠠᠯᠯᠠᠭᠰᠠᠨ ᠤ ᠳᠠᠷᠠᠭ᠎ᠠ ᠪᠠᠯᠠᠯᠵᠤ ᠬᠠᠶᠠᠬᠤ ᠪᠠᠨ ᠮᠠᠷᠳᠠᠴᠢᠬᠠᠳᠠᠭ᠃ ᠬᠡᠷᠪᠡ ᠡᠭᠦᠨ ᠤ ᠳᠤᠳᠤᠷ᠎ᠠ ᠬᠤᠪᠢ ᠬᠥᠮᠥᠨ ᠤ ᠲᠥᠭᠦᠮ ᠳᠠᠨᠢᠯᠴᠠᠭᠤᠯᠭ᠎ᠠ ᠵᠡᠷᠭᠡ ᠠᠭᠤᠯᠭ᠎ᠠ ᠪᠠᠶᠢᠪᠠᠯ ᠬᠤᠪᠢ ᠬᠥᠮᠥᠨ ᠤ ᠮᠡᠳᠡᠭᠡ ᠵᠠᠩᠬᠢ ᠠᠮᠠᠷᠬᠠᠨ ᠵᠠᠳᠠᠷᠠᠳᠠᠭ᠃      ᠵᠢᠩᠬᠢᠨᠢ ᠰᠥᠯᠵᠢᠶᠡᠨ ᠥᠷᠳᠡᠭᠡ ᠠᠴᠠ ᠪᠠᠷᠠᠭ᠎ᠠ ᠠᠪ᠃      ᠮᠡᠳᠡᠭᠡ ᠵᠠᠩᠬᠢ ᠬᠠᠶᠢᠬᠤ ᠰᠥᠯᠵᠢᠶ᠎ᠠ ᠪᠠᠷ ᠺᠢᠨᠣ᠋ ᠥᠵᠡᠬᠦ ᠳᠤ ᠪᠠᠨ ᠡᠷᠬᠡᠪᠰᠢ ᠵᠢᠩᠬᠢᠨᠢ ᠰᠥᠯᠵᠢᠶᠡᠨ ᠥᠷᠳᠡᠭᠡ ᠶᠢ ᠰᠤᠩᠭᠤᠭᠠᠷᠠᠢ᠂ ᠵᠠᠷᠢᠮ ᠳᠤ ᠪᠠᠨ ᠲᠥᠢᠳᠬᠡᠷ ᠢ ᠠᠯᠠᠬᠤ ᠳᠤᠨᠤᠭ ᠳᠠᠭᠠᠷᠠᠭᠤᠯᠴᠢᠬᠠᠪᠠᠴᠤ ᠺᠤᠮᠫᠢᠦ᠋ᠲ᠋ᠧᠷ ᠴᠢᠨᠢ ᠡᠪᠡᠳᠴᠢᠨ ᠤ ᠬᠤᠤᠷ ᠲᠤ ᠬᠠᠯᠳᠠᠪᠤᠷᠢᠯᠠᠭᠳᠠᠬᠤ ᠥᠭᠡᠢ ᠭᠡᠰᠡᠨ ᠶᠠᠪᠤᠳᠠᠯ ᠪᠢᠰᠢ᠃ ᠤᠨᠴᠠᠭᠠᠢᠢᠯᠠᠨ ᠰᠥᠯᠵᠢᠶᠡᠨ ᠳᠡᠭᠡᠷ᠎ᠠ ᠠᠴᠠ ᠪᠠᠷᠠᠭ᠎ᠠ ᠬᠤᠳᠠᠯᠳᠤᠨ ᠠᠪᠬᠤ ᠳᠤ ᠰᠥᠯᠵᠢᠶᠡᠨ ᠳᠡᠭᠡᠷ᠎ᠠ ᠰᠠᠭᠤᠯᠭᠠᠵᠤ ᠥᠭᠬᠦ ᠪᠤᠯᠬᠤᠷ ᠵᠢᠩᠬᠢᠨᠢ ᠰᠥᠯᠵᠢᠶᠡᠨ ᠥᠷᠳᠡᠭᠡ ᠶᠢ ᠰᠤᠩᠭᠤᠪᠠᠯ ᠰᠠᠶ᠋ᠢ ᠪᠠᠳᠤᠯᠠᠭ᠎ᠠ ᠲᠠᠢ᠃      ᠥᠯᠥ ᠳᠠᠨᠢᠬᠤ ᠰᠢᠤᠳᠠᠨ ᠤ ᠵᠥᠢᠯ ᠢ ᠪᠢᠳᠡᠭᠡᠢ ᠨᠡᠭᠡᠭᠡ᠃     ᠥᠯᠥ ᠳᠠᠨᠢᠬᠤ ᠰᠢᠤᠳᠠᠨ ᠤ ᠵᠥᠢᠯ ᠪᠤᠶᠤ ᠰᠢᠤᠳᠠᠨ ᠤ ᠬᠠᠶ᠋ᠢᠭ ᠢ ᠳᠤᠷ᠎ᠠ ᠪᠠᠷ ᠢᠶᠠᠨ ᠳᠤᠰᠬᠤ ᠪᠤᠶᠤ ᠨᠡᠭᠡᠭᠡᠵᠤ ᠪᠤᠯᠬᠤ ᠥᠭᠡᠢ᠂ ᠮᠡᠬᠡᠯᠡᠭᠳᠡᠵᠤ ᠮᠡᠳᠡᠨ᠎ᠠ᠂ ᠤᠨᠴᠠᠭᠠᠢᠢᠯᠠᠨ ᠱᠠᠩᠨᠠᠯ ᠤᠯᠤᠭᠰᠠᠨ ᠪᠤᠶᠤ ᠱᠠᠩᠨᠠᠯ ᠤᠨ ᠵᠥᠢᠯ ᠢᠶᠠᠨ ᠳᠠᠨᠢᠵᠤ ᠠᠪᠤᠭᠠᠷᠠᠢ ᠭᠡᠬᠦ ᠵᠡᠷᠭᠡ ᠨᠢ ᠪᠥᠷ ᠮᠡᠬᠡᠯᠡᠯ ᠤᠨ ᠪᠠᠰᠢᠷ ᠪᠤᠯᠤᠨ᠎ᠠ᠃ ᠰᠥᠯᠵᠢᠶᠡᠨ ᠳᠡᠭᠡᠷᠡᠬᠢ ᠬᠤᠪᠢ ᠬᠥᠮᠥᠨ ᠤ ᠮᠡᠳᠡᠭᠡ ᠵᠠᠩᠬᠢ ᠪᠠᠨ ᠬᠠᠮᠠᠭᠠᠯᠠ᠃ ᠭᠠᠷ ᠤᠳᠠᠰᠤ ᠪᠤᠶᠤ ᠺᠤᠮᠫᠢᠦ᠋ᠲ᠋ᠧᠷ ᠵᠡᠷᠭᠡ ᠳᠤ ᠪᠠᠨ ᠠᠮᠤᠷ ᠲᠥᠪᠰᠢᠨ ᠤ ᠵᠥᠭᠡᠯᠡᠨ ᠳᠤᠨᠤᠭ ᠳᠠᠭᠠᠷᠠᠭᠤᠯ᠂ ᠢᠷᠡᠯᠳᠡ ᠨᠢ ᠳᠤᠳᠤᠷᠬᠠᠢ ᠥᠭᠡᠢ ᠵᠥᠭᠡᠯᠡᠨ ᠳᠤᠨᠤᠭ ᠢ ᠪᠢᠳᠡᠭᠡᠢ ᠳᠤᠷ᠎ᠠ ᠪᠠᠷ ᠢᠶᠠᠨ ᠤᠭᠰᠠᠷᠠᠭᠤᠯ᠂ ᠥᠨᠳᠤᠷ ᠨᠢᠭᠳᠠᠴᠠ ᠲᠠᠢ ᠨᠢᠭᠤᠴᠠ ᠶᠢ ᠬᠠᠮᠠᠭᠠᠯᠠᠬᠤ ᠨᠢᠭᠤᠴᠠ ᠨᠤᠮᠧᠷ ᠳᠠᠭᠠᠷᠠᠭᠤᠯ᠂ ᠨᠢᠭᠡᠯᠡ ᠨᠢᠭᠤᠴᠠ ᠨᠤᠮᠧᠷ ᠢ ᠥᠷᠭᠦᠯᠵᠢ ᠬᠡᠷᠡᠭᠯᠡᠬᠦ ᠶᠢ ᠴᠡᠭᠡᠷᠯᠡ᠃
 
ᠢᠷᠡᠯᠲᠡ᠄ ᠤᠷᠳᠤᠰ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19002733号-2