ᠲᠡᠷᠡ ᠪᠣᠯ ᠶᠠᠳᠠᠭᠤ ᠬᠦᠴᠢᠷᠳᠡᠯᠲᠡᠶ ᠣᠯᠠᠨ ᠲᠦᠮᠡᠨ ᠤ ᠶᠠᠳᠠᠭᠤ ᠠᠴᠠ ᠠᠩᠭᠢᠵᠢᠷᠠᠨ ᠪᠠᠶᠠᠵᠢᠬᠤ ︽ᠲᠦᠰᠢᠭ | ᠲᠤᠯᠭᠠᠭᠤᠷᠢ︾ ᠮᠥᠨ᠂ ᠲᠡᠷᠡ ᠪᠣᠯ ᠣᠯᠠᠨ ᠲᠦᠮᠡᠨ ᠤ ᠶᠡᠭᠡ ᠪᠠᠭ᠎ᠠ ᠶᠠᠪᠤᠳᠠᠯ ᠤᠨ ᠣᠷᠣᠯᠠᠨ ᠭᠦᠢᠴᠡᠳᠭᠡᠭᠴᠢ᠂ | ᠵᠢᠨᠢᠩ ᠪᠠᠭᠰᠢ ᠶᠢᠨ ᠳᠡᠭᠡᠳᠦ ᠰᠤᠷᠭᠠᠭᠤᠯᠢ ᠶᠢᠨ ᠯᠢᠶᠠᠩᠴᠧᠩ ᠰᠢᠶᠠᠨ ᠤ ᠮᠠᠩᠬᠠᠨ ᠪᠠᠯᠭᠠᠰᠤᠨ ᠤ ᠽᠦᠸᠧ ᠸᠧᠶ | ᠶᠣᠣ ᠲᠣᠰᠬᠤᠨ ᠳᠤ ᠰᠠᠭᠤᠭ᠎ᠠ ᠠᠵᠢᠯᠯᠠᠬᠤ ᠠᠩᠭᠢ ᠶᠢᠨ ᠭᠡᠰᠢᠭᠦᠨ ᠸᠠᠩ ᠸᠧᠶ ᠰᠢᠨ ᠪᠣᠯᠤᠨ᠎ᠠ᠃ 2019 ᠣᠨ ᠳᠤ | ᠲᠣᠰᠬᠤᠨ ᠳᠤ ᠰᠠᠭᠤᠭᠰᠠᠨ ᠠᠴᠠ ᠨᠠᠰᠢ᠂ ᠶᠠᠳᠠᠭᠤ ᠠᠴᠠ ᠠᠩᠭᠢᠵᠢᠷᠠᠭᠤᠯᠬᠤ ᠪᠣᠭᠤᠮᠲᠠ ᠰᠢᠪᠲᠤᠯᠬᠤ ᠡᠮᠦᠨ᠎ᠡ | ᠹᠷᠣᠨᠲ ᠲᠤ ᠢᠮᠠᠭᠲᠠ ᠡᠷᠡᠯᠬᠡᠭᠯᠡᠨ ᠪᠠᠶᠢᠯᠳᠤᠵᠤ᠂ ᠶᠠᠳᠠᠭᠤ ᠠᠴᠠ ᠠᠩᠭᠢᠵᠢᠷᠠᠭᠤᠯᠬᠤ ᠪᠣᠭᠤᠮᠲᠠ ᠰᠢᠪᠲᠤᠯᠬᠤ ᠵᠠᠮ | ᠳᠡᠭᠡᠷ᠎ᠡ ᠲᠠᠰᠤᠷᠠᠯᠲᠠ ᠦᠭᠡᠢ ᠤᠷᠤᠭᠰᠢᠯᠠᠬᠤ ︽ᠬᠦᠰᠡᠯ ᠵᠡᠭᠦᠳᠦ ᠪᠠᠨ ᠬᠥᠭᠡᠭᠡᠴᠡᠯᠳᠦᠭᠴᠢ︾ ᠪᠣᠯᠪᠠ᠃ | | | | | ᠸᠠᠩ ᠸᠧᠶ ᠰᠢᠨ ᠵᠢᠨᠢᠩ ᠤᠨ ᠪᠠᠭᠰᠢ ᠶᠢᠨ ᠳᠡᠭᠡᠳᠦ ᠰᠤᠷᠭᠠᠭᠤᠯᠢ ᠶᠢᠨ ᠰᠣᠶᠣᠯ ᠤᠨ ᠳᠡᠭᠡᠳᠦ ᠰᠤᠷᠭᠠᠭᠤᠯᠢ ᠳᠤ | ᠰᠤᠷᠤᠭᠴᠢᠳ ᠤᠨ ᠠᠵᠢᠯ ᠢ ᠬᠠᠷᠢᠭᠤᠴᠠᠭᠰᠠᠭᠠᠷ ᠢᠷᠡᠵᠡᠶ᠃ ᠠᠵᠢᠯ ᠢᠶᠠᠨ ᠨᠠᠷᠢᠨ ᠬᠢᠨᠠᠮᠠᠭᠠᠢ ᠬᠠᠷᠢᠭᠤᠴᠠᠬᠤ ᠪᠠᠷ | ᠪᠠᠷᠠᠬᠤ ᠦᠭᠡᠢ᠂ ᠵᠠᠷᠢᠮ ᠳᠠᠭᠠᠨ ᠲᠡᠭᠦᠨ ᠤ ᠨᠠᠷᠢᠨ ᠬᠢᠨᠠᠮᠠᠭᠠᠢ ᠨᠢ ᠬᠥᠮᠦᠨ ᠳᠤ ᠪᠦᠷ ᠵᠢᠭᠠᠬᠠᠨ ᠵᠥᠷᠢᠭᠦᠳ | ᠰᠠᠨᠠᠭᠳᠠᠨ᠎ᠠ᠃ ᠭᠡᠪᠡᠴᠦ ᠪᠣᠳᠠᠲᠠᠢ ᠦᠷ᠎ᠡ ᠪᠦᠲᠦᠮᠵᠢ ᠠᠴᠠ ᠨᠢ ᠠᠪᠴᠤ ᠦᠵᠡᠪᠡᠯ᠂ ᠪᠠᠭᠰᠢ ᠰᠤᠷᠤᠭᠴᠢᠳ ᠮᠥᠨ | ᠯᠡ ᠲᠡᠭᠦᠨ ᠢ ᠲᠦᠢᠯ ᠢᠶᠠᠷ ᠪᠢᠰᠢᠷᠡᠳᠡᠭ ᠶᠤᠮ᠃ | | | | | 2019 ᠤᠨ ᠤ 3 ᠰᠠᠷ᠎ᠠ ᠳᠤ᠂ ᠸᠠᠩ ᠸᠧᠶ ᠰᠢᠨ ᠪᠠᠭᠰᠢ ᠲᠣᠰᠬᠤᠨ ᠳᠤ ᠰᠠᠭᠤᠭ᠎ᠠ ᠺᠠᠳ᠋ᠷ ᠪᠣᠯᠵᠤ᠂ ᠬᠠᠮᠲᠤ | ᠠᠵᠢᠯᠯᠠᠭᠰᠠᠳ ᠲᠠᠢ ᠠᠭᠤᠯᠵᠠᠬᠤ ᠲᠣᠬᠢᠶᠠᠯ ᠴᠥᠭᠡᠷᠡᠵᠡᠶ᠃ ᠰᠡᠩᠳᠡ ᠮᠡᠩᠳᠡ ᠮᠡᠨᠳᠦᠴᠢᠯᠡᠵᠦ᠄ ᠲᠠᠷᠭᠤᠨ ᠬᠥᠮᠦᠨ | ᠬᠠᠷ᠎ᠠ ᠮᠥᠷᠲᠡᠭᠡᠨ ᠪᠠᠰᠠ ᠲᠤᠷᠠᠴᠢᠬᠠᠵᠠᠢ︕ ᠡᠪᠦᠯ ᠤᠨ ᠠᠮᠠᠷᠠᠯᠲᠠ ᠠᠴᠠ ᠡᠮᠦᠨ᠎ᠡ᠂ ᠪᠠᠰᠠ ᠲᠡᠭᠦᠨ ᠢ ᠣᠯᠵᠤ | ᠦᠵᠡᠭᠡᠳ᠂ ᠬᠠᠴᠢᠷ ᠨᠢ ᠨᠠᠩ ᠬᠠᠷ᠎ᠠ ᠪᠣᠯᠪᠠ᠃ ︽ᠰᠢᠶᠣᠤ ᠸᠠᠩ᠂ ᠴᠢ ᠦᠨᠡᠬᠡᠷ ᠸᠠᠩ ᠭᠤᠸᠠᠶ ᠪᠠᠶᠢᠨ᠎ᠠ ᠰᠢᠤ︕ | ᠲᠡᠷᠡ ᠬᠠᠳᠠᠭᠠᠨᠠᠲᠠᠯ᠎ᠠ ᠢᠨᠢᠶᠡᠭᠡᠳ᠄ ᠪᠢ ᠪᠠᠰᠠ ᠵᠢᠭᠠᠬᠠᠨ ᠠᠯᠭᠤᠷᠯᠠᠵᠤ ᠪᠠᠶᠢᠨ᠎ᠠ᠂ ᠠᠵᠢᠯ ᠢᠶᠠᠨ ᠬᠢᠭᠡᠳ ᠪᠠᠰᠠ | ᠭᠠᠷ ᠤᠨ ᠠᠶ᠎ᠠ ᠪᠠᠷ ᠬᠢᠵᠡᠢ᠃ ᠬᠥᠮᠦᠰ ᠰᠠᠶ᠋ᠢ ᠶᠠᠳᠠᠭᠤ ᠠᠴᠠ ᠠᠩᠭᠢᠵᠢᠷᠠᠭᠤᠯᠬᠤ ᠪᠣᠭᠤᠮᠲᠠ ᠰᠢᠪᠲᠤᠯᠬᠤ ᠠᠵᠢᠯ ᠤᠨ | ᠳᠤᠮᠳᠠᠬᠢ ᠬᠠᠮᠤᠭ ᠤᠨ ᠦᠨᠳᠦᠰᠦᠨ ᠱᠠᠲᠤᠨ ᠤ ᠲᠣᠰᠬᠤᠨ ᠳᠤ ᠰᠠᠭᠤᠭ᠎ᠠ ᠺᠠᠳ᠋ᠷ ᠪᠣᠯ ᠬᠢᠯᠪᠠᠷ ᠪᠤᠰᠤ ᠭᠡᠳᠡᠭ ᠢ | ᠣᠶᠢᠯᠠᠭᠠᠵᠤ᠂ ᠪᠠᠰᠠ ᠲᠡᠭᠦᠨ ᠤ ᠨᠢᠭᠡ ᠵᠢᠯ ᠤᠨ ᠲᠤᠷᠰᠢᠬᠢ ᠠᠵᠢᠯ ᠤᠨ ᠬᠦᠴᠢᠷ ᠵᠣᠪᠠᠭᠤᠷᠢ ᠶᠢ ᠤᠶᠢᠯᠠᠭᠠᠵᠠᠢ︾᠃ | | | | | | | ᠸᠠᠩ ᠪᠠᠭᠰᠢ ᠶᠢᠨ ᠰᠠᠭᠤᠭ᠎ᠠ ᠲᠣᠰᠬᠤᠨ ᠪᠣᠯ ᠯᠢᠶᠠᠩᠴᠧᠩ ᠰᠢᠶᠠᠨ ᠤ ᠮᠠᠩᠬᠠᠨ ᠪᠠᠯᠭᠠᠰᠤᠨ ᠤ ᠽᠦᠸᠧ ᠸᠧᠶ | ᠶᠣᠣ ᠵᠠᠰᠠᠭ ᠵᠠᠬᠢᠷᠭᠠᠨ ᠤ ᠲᠣᠰᠬᠤᠨ ᠪᠣᠯᠤᠨ᠎ᠠ᠃ ᠲᠠᠪᠤᠨ ᠠᠶᠢᠯ ᠲᠣᠰᠬᠤᠨ ᠢ ᠬᠠᠮᠢᠶᠠᠷᠴᠤ ᠪᠠᠶᠢᠭ᠎ᠠ ᠪᠥᠭᠡᠳ | ᠵᠢᠨᠢᠩ ᠤᠨ ᠪᠠᠭᠰᠢ ᠶᠢᠨ ᠳᠡᠭᠡᠳᠦ ᠰᠤᠷᠭᠠᠭᠤᠯᠢ ᠶᠢᠨ ᠠᠵᠢᠯ ᠲᠥᠷᠥᠯ ᠢᠶᠠᠷ ᠢᠶᠠᠨ ᠬᠠᠪᠰᠤᠷᠤᠨ ᠲᠡᠳᠬᠦᠬᠦ ᠴᠢᠭ | ᠪᠣᠯᠤᠨ᠎ᠠ᠃ ᠡᠷᠦᠬᠡ ᠠᠮᠠ ᠶᠢᠨ ᠲᠠᠩᠰᠠ ᠨᠢ 566 ᠡᠷᠦᠬᠡ 1131 ᠬᠦᠮᠦᠨ ᠠᠮᠠ ᠪᠠᠶᠢᠵᠤ᠂ ᠡᠭᠦᠨ ᠳᠤ ᠪᠠᠶᠢᠩᠭᠤ | ᠰᠠᠭᠤᠭ᠎ᠠ ᠬᠥᠮᠦᠨ ᠠᠮᠠ ᠨᠢ 178 ᠡᠷᠦᠬᠡ 356 ᠬᠦᠮᠦᠨ ᠪᠠᠶᠢᠨ᠎ᠠ᠃ 2014 ᠣᠨ ᠠᠴᠠ ᠨᠠᠰᠢ᠂ ᠳᠡᠩᠰᠡᠯᠡᠵᠦ | ᠺᠠᠷᠲᠯᠠᠭᠰᠠᠨ 46 ᠶᠠᠳᠠᠭᠤ ᠬᠦᠴᠢᠷᠳᠡᠯᠲᠡᠶ ᠡᠷᠦᠬᠡ 86 ᠬᠦᠮᠦᠨ ᠪᠠᠶᠢᠵᠤ᠂ ᠶᠠᠳᠠᠭᠤ ᠠᠴᠠ ᠠᠩᠭᠢᠵᠢᠷᠠᠭᠤᠯᠬᠤ | ᠠᠵᠢᠯ ᠤᠨ ᠡᠭᠦᠷᠭᠡ ᠲᠦᠢᠯ ᠤᠨ ᠬᠠᠲᠠᠭᠤ ᠪᠡᠷᠬᠡ ᠪᠠᠶᠢᠨ᠎ᠠ᠃ ᠯᠣᠤ ᠸᠠᠩ ᠲᠣᠰᠬᠤᠨ ᠳᠤ ᠰᠠᠭᠤᠵᠤ ᠪᠠᠶᠢᠭᠰᠠᠨ | ᠡᠬᠢᠨ ᠤ ᠦᠶ᠎ᠡ ᠳᠤ᠂ 11 ᠡᠷᠦᠬᠡ᠂ 25 ᠬᠥᠮᠦᠨ ᠶᠠᠳᠠᠭᠤ ᠠᠴᠠ ᠠᠩᠭᠢᠵᠢᠷᠠᠭᠠᠳᠤᠶ᠂ ᠶᠠᠳᠠᠭᠤ ᠬᠦᠴᠢᠷᠳᠡᠯᠲᠡᠶ | ᠬᠥᠮᠦᠨ ᠠᠮᠠ ᠬᠡᠳᠦ᠋ᠢᠪᠡᠷ ᠪᠠᠭᠤᠷᠠᠭᠰᠠᠨ ᠪᠣᠯᠪᠠᠴᠤ ᠭᠡᠪᠡᠴᠦ ᠶᠠᠳᠠᠭᠤ ᠠᠴᠠ ᠠᠩᠭᠢᠵᠢᠷᠠᠭᠤᠯᠬᠤ ᠪᠣᠭᠤᠮᠲᠠ | ᠰᠢᠪᠲᠤᠯᠬᠤ ᠬᠠᠮᠤᠭ ᠡᠴᠦᠰ ᠤᠨ ᠰᠢᠪᠲᠤᠯᠤᠯᠲᠠ ᠶᠢᠨ ᠱᠠᠲᠤᠨ ᠳᠤ ᠬᠦᠷᠪᠡᠯ᠂ ᠶᠠᠳᠠᠭᠤ ᠠᠴᠠ ᠠᠩᠭᠢᠵᠢᠷᠠᠭᠤᠯᠬᠤ | ᠠᠵᠢᠯ ᠢ ᠬᠢᠬᠦ ᠳᠤ ᠴᠦ ᠬᠠᠮᠤᠭ ᠤᠨ ᠬᠦᠴᠢᠷᠲᠡᠢ ᠶᠤᠮ᠃ ᠶᠠᠳᠠᠭᠤ ᠬᠦᠴᠢᠷᠳᠡᠯᠲᠡᠶ ᠡᠷᠦᠬᠡ ᠡᠪᠡᠳᠴᠢᠨ ᠠᠴᠠ ᠪᠣᠯᠵᠤ | ᠶᠠᠳᠠᠭᠤᠷᠠᠵᠤ᠂ ᠵᠡᠮᠳᠡᠭ ᠠᠴᠠ ᠪᠣᠯᠵᠤ ᠶᠠᠳᠠᠭᠤᠷᠠᠵᠤ᠂ ᠰᠤᠷᠤᠯᠭ᠎ᠠ ᠠᠴᠠ ᠪᠤᠯᠵᠤ ᠶᠠᠳᠠᠭᠤᠷᠠᠬᠤ ᠳᠤ ᠪᠠᠰᠠ ᠪᠡᠯᠡ | ᠮᠥᠩᠭᠦ ᠳᠤᠲᠠᠭᠳᠠᠵᠤ᠂ ᠲᠧᠭᠨᠢᠭ ᠮᠡᠷᠭᠡᠵᠢᠯ ᠳᠤᠲᠠᠭᠳᠠᠵᠤ᠂ ᠬᠥᠳᠡᠯᠮᠦᠷᠢ ᠶᠢᠨ ᠬᠦᠴᠦ ᠳᠤᠲᠠᠭᠳᠠᠬᠤ ᠨᠢ ᠣᠯᠠᠩᠬᠢ | ᠲᠤᠭ᠎ᠠ ᠶᠢ ᠡᠵᠡᠯᠡᠵᠦ ᠪᠠᠶᠢᠨ᠎ᠠ᠃ | | | | | ᠠᠵᠢᠯ ᠤᠨ ᠳᠤᠮᠳᠠ ᠸᠠᠩ ᠪᠠᠭᠰᠢ ᠠᠶᠢᠯᠴᠢᠯᠠᠨ ᠰᠤᠷᠪᠤᠯᠵᠢᠯᠠᠬᠤ ᠦᠶ᠎ᠡ ᠳᠤ ᠪᠠᠰᠠ ᠣᠨᠴᠠ ᠵᠠᠷᠢᠮ | ᠰᠠᠨᠠᠭᠠᠴᠢᠯᠠᠭ᠎ᠠ ᠠᠴᠠ ᠪᠠᠨ ᠶᠠᠳᠠᠭᠤ ᠠᠴᠠ ᠠᠩᠭᠢᠵᠢᠷᠠᠭᠤᠯᠬᠤ ᠤᠬᠠᠮᠰᠠᠷ ᠴᠢᠩᠭ᠎ᠠ ᠪᠢᠰᠢ᠂ ᠦᠵᠡᠯ ᠰᠠᠨᠠᠭ᠎ᠠ ᠨᠢ | ᠬᠦᠨᠳᠦ ᠨᠣᠴᠢᠲᠠᠶ ᠶᠠᠳᠠᠭᠤ ᠬᠦᠴᠢᠷᠳᠡᠯᠳᠡᠢ ᠡᠷᠦᠬᠡ ᠳᠤ ᠲᠦᠰᠢᠭᠯᠡᠨ᠎ᠡ᠃ ᠸᠠᠩ ᠪᠠᠭᠰᠢ ᠶᠡᠷᠦ ᠨᠢ ︽ᠬᠦᠴᠦ | ᠣᠷᠣᠭᠤᠯᠵᠤ︾᠂ ᠲᠡᠷᠡ᠄ ᠪᠤᠰᠤᠳ ᠤᠨ ᠭᠡᠷ ᠲᠤ ᠣᠴᠢᠬᠤ ᠳᠤ᠂ ᠬᠡᠳᠦᠶ ᠶᠠᠳᠠᠭᠤ ᠵᠦᠳᠡᠭᠦᠤ ᠪᠠᠶᠢᠭᠰᠠᠨ ᠴᠤ | ᠬᠠᠯᠠᠭᠤᠨ ᠳᠣᠲᠣᠨᠣ ᠰᠠᠨᠠᠭᠳᠠᠳᠠᠭ᠂ ᠶᠡᠷᠦ ᠨᠢ ᠬᠥᠮᠦᠨ ᠳᠤ ᠬᠦᠰᠡᠯ ᠡᠷᠡᠮᠡᠯᠵᠡᠯ ᠣᠯᠭᠤᠳᠠᠭ᠃ ᠲᠡᠭᠦᠨ ᠤ ᠭᠡᠷ ᠲᠤ | ᠣᠴᠢᠬᠤ ᠳᠤ ᠳᠤᠯᠠᠭᠠᠨ ᠤ ᠬᠡᠮᠵᠢᠶ᠎ᠡ ᠨᠢ ᠪᠦᠷ ᠬᠡᠳᠦᠨ ᠭᠷᠠᠳᠦ᠋ᠰ ᠳᠣᠣᠷ᠎ᠠ᠂ ᠴᠡᠪᠡᠷᠯᠡᠬᠦ ᠦᠭᠡᠢ᠂ ᠠᠵᠢᠯ ᠬᠢᠬᠦ | ᠳᠤᠷ᠎ᠠ ᠦᠭᠡᠢ᠃ ᠭᠠᠷ ᠬᠥᠯ ᠲᠠᠢ ᠬᠥᠮᠦᠨ᠂ ᠨᠠᠰᠤ ᠠᠬᠢᠭᠰᠠᠨ ᠴᠤ ᠳᠡᠮᠡᠶ ᠶᠡᠭᠡ ᠪᠢᠰᠢ᠂ ᠬᠥᠳᠡᠯᠪᠡᠯ ᠬᠤᠪᠢᠷᠠᠯᠲᠠ | ᠭᠠᠷᠤᠨ᠎ᠠ᠃ ᠭᠠᠭᠴᠠ ᠬᠦ ᠦᠵᠡᠯ ᠰᠠᠨᠠᠭᠠᠨ ᠤ ᠠᠵᠢᠯ ᠢ ᠢᠯᠡᠭᠦᠬᠡᠨ ᠬᠢᠵᠦ᠂ ᠢᠯᠡᠭᠦᠬᠡᠨ ᠰᠤᠷᠪᠤᠯᠵᠢᠯᠠᠵᠤ᠂ | ᠲᠡᠭᠦᠨ ᠤ ᠣᠪᠣᠷ ᠢ ᠨᠢ ᠬᠤᠪᠢᠷᠠᠭᠤᠯᠪᠠᠯ ᠰᠠᠶ᠋ᠢ ᠪᠣᠯᠬᠤ ᠶᠤᠮ᠃ | | | | | ᠸᠠᠩ ᠪᠠᠭᠰᠢ ᠽᠦᠸᠧ ᠸᠧᠶ ᠶᠣᠣ ᠲᠣᠰᠬᠤᠨ ᠤ ᠨᠥᠭᠦᠭᠡ ᠨᠢᠭᠡ ᠶᠠᠳᠠᠭᠤ ᠠᠴᠠ ᠠᠩᠭᠢᠵᠢᠷᠠᠭᠰᠠᠨ ᠡᠷᠦᠬᠡ | ᠵᠠᠩ ᠶᠤᠸᠠᠢ ᠬᠦᠶ ᠶᠢᠨ ᠲᠤᠬᠠᠶ ᠶᠠᠷᠢᠵᠠᠶ᠃ ᠲᠡᠷᠡ ᠪᠡᠯᠡ ᠮᠥᠩᠭᠦ ᠳᠤᠲᠠᠮᠠᠭ ᠠᠴᠠ ᠪᠣᠯᠵᠤ᠂ 84 ᠨᠠᠰᠤᠲᠠᠶ | ᠡᠵᠢ ᠲᠠᠢ ᠪᠣᠯᠵᠠᠶ᠂ ᠳᠣᠣᠷ᠎ᠠ ᠨᠢ ᠰᠤᠷᠭᠠᠭᠤᠯᠢ ᠳᠤ ᠣᠷᠣᠬᠤ ᠬᠤᠶᠠᠷ ᠬᠦᠦ ᠲᠠᠢ᠂ ᠳᠡᠭᠡᠷ᠎ᠡ ᠨᠢ ᠪᠠᠰᠠ ᠨᠢᠭᠡ | ᠬᠠᠷᠠᠭᠠᠯᠵᠠᠬᠤ ᠴᠢᠬᠤᠯᠠᠳᠠᠢ ᠠᠬ᠎ᠠ ᠪᠠᠶᠢᠨ᠎ᠠ᠃ ᠨᠢᠭᠡ ᠬᠡᠷ ᠤᠨ ᠲᠠᠪᠤᠨ ᠠᠮᠠ ᠬᠥᠮᠦᠨ ᠴᠦ ᠠᠮᠤᠷ ᠲᠦᠪᠰᠢᠨ | ᠣᠷᠣᠨ ᠰᠠᠭᠤᠴᠠ ᠪᠠᠶᠢᠬᠤ ᠥᠬᠡᠶ᠂ 2017 ᠣᠨ ᠳᠤ ᠤᠨᠤᠴᠢᠳᠠᠢ ᠪᠠᠷ ᠶᠠᠳᠠᠭᠤ ᠶᠢ ᠲᠡᠳᠬᠦᠬᠦ ᠡᠷᠦᠬᠡ ᠪᠠᠷ | ᠢᠯᠭᠠᠨ ᠲᠠᠨᠢᠭᠳᠠᠪᠠ᠃ ᠵᠠᠩ ᠶᠤᠸᠠᠢ ᠬᠦᠶ ᠶᠢ ᠡᠷᠲᠡ ᠡᠳᠦᠷ ᠶᠠᠳᠠᠭᠤ ᠠᠴᠠ ᠠᠩᠭᠢᠵᠢᠷᠠᠭᠤᠯᠤᠨ ᠴᠢᠨᠡᠭᠡᠯᠢᠭᠵᠢᠭᠦᠯᠬᠦ | ᠵᠠᠮ ᠢᠶᠠᠷ ᠵᠠᠮᠨᠠᠭᠤᠯᠵᠤ᠂ ᠲᠡᠭᠦᠨ ᠤ ᠬᠠᠪᠰᠤᠷᠤᠨ ᠲᠡᠳᠬᠦᠬᠦ ᠳᠡᠭᠡᠳᠦ ᠰᠤᠷᠭᠠᠭᠤᠯᠢ ᠶᠢᠨ ᠨᠠᠮ ᠤᠨ ᠬᠤᠷᠢᠶᠠᠨ ᠤ | ᠱᠦᠵᠢ ᠵᠦ ᠢᠦᠶ ᠳ᠋ᠦᠩ ᠤᠨ ᠬᠦᠰᠡᠭᠰᠡᠭᠡᠷ ᠢᠷᠡᠭᠰᠡᠨ ᠶᠠᠪᠤᠳᠠᠯ ᠪᠣᠯᠬᠤ ᠪᠥᠭᠡᠳ ᠸᠠᠩ ᠪᠠᠭᠰᠢ ᠪᠣᠯᠤᠨ ᠪᠤᠰᠤᠳ | ᠭᠡᠰᠢᠭᠦᠳ ᠤᠨ ᠮᠥᠷᠥᠨ ᠲᠡᠭᠡᠷᠡᠬᠢ ᠬᠦᠨᠳᠦ ᠬᠠᠷᠢᠭᠤᠴᠠᠯᠭ᠎ᠠ ᠪᠣᠯᠤᠨ᠎ᠠ᠃ ᠬᠡᠳᠦᠨ ᠵᠢᠯ ᠤᠨ ᠲᠤᠷᠰᠢ᠂ ᠲᠡᠳᠡ | ᠬᠠᠮᠲᠤ ᠪᠠᠷ ᠵᠠᠩ ᠶᠤᠸᠠᠢ ᠬᠦᠢ ᠳᠤ ᠭᠠᠷᠬᠤ ᠵᠠᠮ ᠣᠯᠭᠤᠵᠤ᠂ ᠪᠡᠯᠡ ᠮᠥᠩᠭᠦ ᠭᠠᠷᠭᠠᠵᠤ᠂ ᠲᠥᠷᠥ ᠶᠢᠨ | ᠪᠤᠳᠤᠯᠭ᠎ᠠ ᠶᠢᠨ ᠳᠡᠮᠵᠢᠯᠭᠡ ᠳᠣᠣᠷ᠎ᠠ᠂ ᠲᠡᠷᠡ 40 ᠬᠤᠨᠢ ᠲᠡᠵᠢᠭᠡᠵᠦ᠂ ᠪᠠᠰᠠ 40 ᠮᠦ ᠭᠠᠵᠠᠷ ᠢ ᠳᠠᠭᠠᠭᠠᠴᠢᠯᠠᠵᠠᠶ᠃ | ᠨᠢᠭᠡ ᠵᠢᠯ ᠤᠨ ᠲᠤᠷᠰᠢ᠂ ᠵᠥᠪᠬᠡᠨ ᠲᠠᠷᠢᠮᠠᠯ ᠤᠨ ᠦᠢᠯᠡᠰ ᠤᠨ ᠨᠢᠭᠡ ᠵᠦᠢᠯ ᠤᠨ ᠣᠷᠣᠯᠭ᠎ᠠ ᠨᠢ ᠳᠠᠷᠤᠶ 6.2 | ᠲᠦᠮᠡᠨ ᠲᠥᠭᠦᠷᠢᠭ ᠲᠤ ᠬᠦᠷᠴᠦ᠂ ᠲᠡᠵᠢᠭᠡᠨ ᠦᠷᠡᠵᠢᠭᠦᠯᠬᠦ ᠦᠢᠯᠡᠰ ᠤᠨ ᠣᠷᠣᠯᠭ᠎ᠠ 1.5 ᠲᠦᠮᠡᠨ ᠲᠥᠭᠦᠷᠢᠭ᠂ | ᠡᠭᠦᠨ ᠳᠤ ᠨᠠᠭᠠᠳᠤ ᠵᠠᠬ᠎ᠠ ᠶᠢᠨ ᠪᠠᠲᠤᠯᠠᠭ᠎ᠠ ᠶᠢᠨ ᠨᠥᠬᠦᠪᠥᠷᠢ᠂ ᠬᠦᠦ ᠨᠢ ᠬᠦᠴᠦ ᠶᠠᠪᠤᠭᠰᠠᠨ ᠣᠷᠣᠯᠭ᠎ᠠ ᠶᠢ ᠨᠡᠮᠡᠵᠦ | ᠂ ᠵᠢᠯ ᠤᠨ ᠴᠡᠪᠡᠷ ᠣᠷᠣᠯᠭ᠎ᠠ 6.7 ᠲᠦᠮᠡ ᠭᠠᠷᠤᠢ ᠪᠠᠶᠢᠵᠤ᠂ ᠶᠠᠳᠠᠭᠤ ᠠᠴᠠ ᠠᠩᠭᠢᠵᠢᠷᠠᠭᠰᠠᠨ ᠨᠡᠶᠢᠲᠡᠯᠢᠭ ᠵᠢᠱᠢᠶ᠎ᠡ | ᠪᠣᠯᠪᠠ᠃ ︽ᠬᠥᠮᠦᠨ ᠪᠠᠰᠠ ᠦᠨᠡᠬᠡᠷ ᠵᠦᠳᠡᠷᠡᠵᠦ ᠪᠠᠶᠢᠨ᠎ᠠ ᠡᠷᠲᠡᠯᠡᠵᠦ ᠣᠷᠦ᠋ᠢᠯᠠᠨ ᠠᠵᠢᠯᠯᠠᠵᠤ ᠪᠠᠶᠢᠨ᠎ᠠ᠂ | ᠣᠷᠣᠢ ᠶᠢᠨ 8 ᠴᠠᠭ ᠢᠯᠡᠭᠦᠦ ᠳᠤ ᠪᠠᠰᠠ ᠲᠡᠭᠦᠨ ᠤ ᠬᠤᠨᠢᠨ ᠳᠤ ᠡᠪᠡᠰᠦ ᠬᠡᠷᠴᠢᠵᠦ ᠪᠠᠶᠢᠭᠰᠠᠨ ᠢ ᠣᠯᠵᠤ ᠬᠠᠷᠠᠵᠠᠢ᠂ | ᠡᠶᠢᠮᠦ ᠬᠥᠮᠦᠨ ᠬᠦᠯᠢᠶᠡᠬᠦ ᠦᠭᠡᠢ᠂ ᠲᠦᠰᠢᠭᠯᠡᠬᠦ ᠦᠭᠡᠢ᠂ ᠶᠠᠳᠠᠭᠤ ᠠᠴᠠ ᠠᠩᠭᠢᠵᠢᠷᠠᠬᠤ ᠪᠠᠷ ᠪᠠᠷᠠᠬᠤ ᠦᠭᠡᠢ | ᠪᠠᠰᠠ ᠪᠠᠶᠠᠵᠢᠵᠤ ᠴᠢᠳᠠᠨ᠎ᠠ᠃ ᠤᠳᠦ ᠤᠯᠤᠰ ᠤᠨ ᠲᠦᠷᠦ ᠶᠢᠨ ᠪᠤᠳᠦᠯᠭ᠎ᠠ ᠡᠶᠢᠮᠦ ᠰᠡᠶᠢᠠ᠂ ᠬᠥᠳᠡᠯᠮᠦᠷᠢ ᠶᠢᠨ | ᠬᠦᠴᠦ ᠪᠠᠶᠢᠪᠠᠯ ᠳᠠᠷᠤᠢ ᠬᠢᠵᠦ ᠴᠢᠳᠠᠬᠤ ᠲᠤᠯᠠ ᠶᠠᠳᠠᠭᠤ ᠠᠴᠠ ᠠᠩᠭᠢᠵᠢᠷᠠᠵᠤ ᠴᠢᠳᠠᠬᠤ ᠤᠢᠭᠡᠢ ᠭᠡᠵᠦ ᠵᠣᠪᠠᠭ᠋ᠤ | ᠤᠢᠭᠡᠢ᠃︾ ᠭᠡᠵᠦ ᠸᠠᠩ ᠪᠠᠭᠰᠢ ᠬᠡᠯᠡᠪᠡ᠃ | ᠬᠠᠪᠰᠤᠷᠤᠨ ᠲᠡᠳᠬᠦᠭᠰᠡᠨ ᠶᠠᠳᠠᠭᠤ ᠬᠦᠴᠢᠷᠳᠡᠯᠲᠡᠶ ᠡᠷᠦᠬᠡ ᠶᠢ ᠸᠠᠩ ᠪᠠᠭᠰᠢ ᠪᠣᠯ ᠶᠠᠭ ᠯᠠ | ᠲᠤᠭ᠎ᠠ ᠪᠠᠷ ᠢᠶᠠᠨ ᠴᠡᠭᠡᠵᠢᠯᠡᠵᠦ᠂ ᠲᠡᠷᠡ ᠲᠠᠷᠢᠶᠠᠨ ᠤ ᠲᠠᠷᠢᠭᠰᠠᠨ ᠲᠠᠷᠢᠶ᠎ᠠ ᠳᠤ ᠴᠤ ᠭᠡᠰᠡᠨ ᠶᠣᠰᠣ ᠵᠤᠶᠢᠳᠠᠢ᠃ | ᠨᠢᠭᠡ ᠵᠢᠯ ᠠᠭᠤᠯᠵᠠᠭᠰᠠᠨ ᠦᠭᠡᠢ᠂ ᠽᠦᠸᠧ ᠸᠧᠶ ᠶᠣᠣ ᠶᠢᠨ ᠵᠠᠰᠠᠭ ᠵᠠᠬᠢᠷᠭᠠᠨ ᠤ ᠲᠣᠰᠬᠤᠨ ᠢ ᠡᠶᠢᠮᠦ ᠰᠠᠶᠢᠨ | ᠮᠡᠳᠡᠵᠦ᠂ ᠡᠭᠦᠨ ᠠᠴᠠ ᠦᠵᠡᠬᠦ ᠳᠤ ᠲᠡᠷᠡ ᠠᠶᠢᠯ ᠡᠷᠦᠬᠡ ᠪᠠᠷ ᠶᠠᠪᠤᠵᠤ ᠪᠠᠭ᠎ᠠ ᠪᠤᠰᠤ ᠵᠠᠮ ᠶᠠᠪᠤᠵᠤ᠂ ᠶᠡᠭᠡ ᠬᠦᠴᠦ | ᠵᠠᠷᠤᠴᠠᠭᠤᠯᠪᠠ᠃ | | ᠲᠣᠰᠬᠤᠨ ᠳᠤ ᠰᠠᠭᠤᠭᠰᠠᠨ ᠠᠴᠠ ᠨᠠᠰᠢ᠂ ᠸᠠᠩ ᠪᠠᠭᠰᠢ ᠶᠢᠨ ᠦᠭᠡ ᠬᠡᠯᠡᠬᠦ ᠠᠷᠭ᠎ᠠ ᠨᠢ ᠪᠦᠷ ᠬᠤᠪᠢᠷᠠᠵᠠᠶ᠃ | ᠦᠭᠡ ᠬᠡᠯᠡᠬᠦ ᠳᠡᠭᠡᠨ ᠨᠠᠩ ᠰᠢᠭᠤᠳ ᠰᠢᠯᠤᠭᠤᠨ᠂ ᠠᠰᠠᠭᠤᠳᠠᠯ ᠲᠠᠢ ᠪᠣᠯ ᠠᠰᠠᠭᠤᠳᠠᠯ ᠢ ᠶᠠᠷᠢᠨ᠎ᠠ᠂ ᠲᠣᠰᠬᠤᠨ ᠤ | ᠠᠷᠠᠳ ᠶᠠᠮᠠᠷ ᠤᠴᠢᠷ ᠪᠣᠯᠤᠭᠰᠠᠨ ᠴᠤ ᠲᠡᠭᠦᠨ ᠢ ᠡᠷᠢᠬᠦ ᠳᠤᠷᠠᠲᠠᠶ᠃ ᠬᠠᠷᠠᠬᠠᠨ ᠪᠠᠭ᠎ᠠ ᠠᠴᠠ ᠪᠠᠨ ᠭᠡᠷ ᠲᠤ | ᠬᠦᠷᠦᠭᠰᠡᠨ ᠴᠠᠬᠢᠯᠭᠠᠨ ᠬᠡᠷᠡᠭᠰᠡᠯ ᠤᠨ ᠰᠡᠯᠪᠢᠨ ᠵᠠᠰᠠᠯᠲᠠ᠂ ᠴᠢᠨᠠᠭᠰᠢᠯᠠᠨ ᠭᠠᠷ ᠤᠲᠠᠰᠤ ᠠᠰᠠᠭᠤᠳᠠᠯ ᠲᠠᠢ ᠪᠣᠯ ᠪᠦᠷ | ᠲᠡᠭᠦᠨ ᠢ ᠡᠷᠢᠬᠦ ᠪᠠᠷ ᠢᠷᠡᠨ᠎ᠡ᠃ ᠡᠳᠡᠭᠡᠷ ᠶᠠᠪᠤᠳᠠᠯ ᠬᠡᠳᠦ᠋ᠢᠪᠡᠷ ᠠᠷᠰᠠᠷ ᠪᠣᠯᠪᠠᠴᠤ ᠤᠯᠠᠨ ᠲᠦᠮᠡᠨ ᠲᠡᠭᠦᠨ ᠢ | ᠶᠡᠷᠦ ᠠᠴᠠ ᠭᠠᠳᠠᠨᠠᠬᠢ ᠬᠥᠮᠦᠨ ᠢᠶᠠᠷ ᠦᠵᠡᠳᠡᠭ ᠦᠭᠡᠢ ᠶᠤᠮ᠃ ᠵᠢᠱᠢᠶᠡᠯᠡᠪᠡᠯ ᠨᠤᠷᠠᠬᠤ ᠠᠶᠤᠯᠲᠠᠶ ᠭᠡᠷ ᠪᠠᠶᠢᠰᠢᠩ ᠢ | ᠥᠭᠡᠷᠡᠴᠢᠯᠡᠨ ᠵᠠᠰᠠᠵᠤ᠂ ᠬᠥᠮᠦᠰ ᠢ ᠬᠡᠯᠡᠵᠦ ᠪᠢᠰᠢᠷᠡᠭᠦᠯᠵᠦ ᠪᠠᠶᠢᠭᠠᠳ ᠰᠢᠨ᠎ᠡ ᠪᠠᠷᠢᠭᠰᠠᠨ ᠭᠡᠷ ᠲᠤ ᠨᠡᠭᠦᠯᠭᠡᠪᠡᠯ | ᠵᠢᠭᠠᠬᠠᠨ ᠬᠦᠴᠢᠷᠳᠡᠵᠦ᠂ ᠵᠠᠷᠢᠮ ᠨᠠᠰᠤᠲᠠᠨ ᠨᠢᠭᠡ ᠯᠡ ᠳᠣᠤᠷ᠎ᠠ ᠭᠡᠭᠡᠨ ᠭᠡᠷ ᠲᠤ ᠨᠡᠭᠦᠭᠰᠡᠨ ᠰᠢᠭ ᠰᠠᠨᠠᠭᠳᠠᠪᠠ᠃ | ᠶᠡᠷᠦ ᠨᠢ ᠳᠠᠳᠬᠤ ᠦᠭᠡᠢ ᠭᠡᠵᠦ ᠬᠡᠯᠡᠳᠡᠭ᠂ ᠰᠡᠳᠬᠢᠯ ᠰᠠᠨᠠᠭᠠᠨ ᠤ ᠲᠠᠯ᠎ᠠ ᠪᠠᠷ ᠲᠦᠷ ᠴᠠᠭ ᠬᠦᠯᠢᠶᠡᠨ ᠠᠪᠴᠤ | ᠴᠢᠳᠠᠬᠤ ᠦᠭᠡᠢ᠃ ᠡᠳᠡᠭᠡᠷ ᠶᠠᠳᠠᠭᠤ ᠬᠦᠴᠢᠷᠳᠡᠯᠲᠡᠶ ᠡᠷᠦᠬᠡ ᠳᠤ ᠠᠪᠴᠤ ᠬᠡᠯᠡᠪᠡᠯ᠂ ᠲᠡᠷᠡ ᠬᠡᠵᠢᠶᠡᠳᠡ | ᠬᠦᠯᠢᠴᠡᠩᠭᠦᠶ ᠨᠢᠮᠪᠠᠶ ᠤᠬᠠᠭᠤᠯᠤᠨ ᠲᠠᠶᠢᠯᠪᠤᠷᠢᠯᠠᠬᠤ ᠠᠵᠢᠯ ᠬᠢᠳᠡᠭ᠂ ᠨᠢᠭᠡ ᠤᠳᠠᠭ᠎ᠠ ᠪᠣᠯᠬᠤ ᠦᠭᠡᠢ ᠪᠣᠯ ᠬᠤᠶᠠᠷ | ᠤᠳᠠᠭ᠎ᠠ᠂ ᠬᠤᠶᠠᠷ ᠤᠳᠠᠭ᠎ᠠ ᠪᠣᠯᠬᠤ ᠦᠭᠡᠢ ᠪᠣᠯ ᠭᠤᠷᠪᠠ ᠤᠳᠠᠭ᠎ᠠ᠂ ᠯᠢ ᠡᠪᠦᠭᠡᠨ ᠤᠷᠢᠳᠤ ᠨᠢ ᠶᠡᠷᠦ ᠨᠢ ᠰᠢᠨ᠎ᠡ | ᠭᠡᠷ ᠲᠤ ᠨᠡᠭᠦᠵᠦ ᠣᠷᠣᠬᠤ ᠳᠤᠷ᠎ᠠ ᠦᠭᠡᠢ ᠪᠠᠶᠢᠭᠰᠠᠨ᠂ ᠠᠷᠠᠶ ᠴᠢᠷᠠᠶ ᠬᠡᠳᠦᠨ ᠡᠳᠦᠷ ᠰᠠᠭᠤᠮᠠᠭᠴᠠ ᠬᠠᠭᠤᠴᠢᠨ | ᠭᠡᠷ ᠲᠡᠭᠡᠨ ᠨᠡᠭᠦᠪᠡ᠃ ᠸᠠᠩ ᠪᠠᠭᠰᠢ ᠬᠡᠲᠦ ᠤᠳᠠᠭ᠎ᠠ ᠭᠡᠷ ᠲᠤ ᠢᠷᠡᠵᠦ ᠠᠵᠢᠯ ᠬᠢᠭᠰᠡᠨ ᠳᠤ ᠯᠢ ᠡᠪᠦᠭᠡᠨ | ᠬᠥᠮᠦᠨ ᠲᠠᠢ ᠠᠭᠤᠯᠵᠠᠪᠠᠯ᠄ ᠸᠠᠩ ᠪᠠᠭᠰᠢ ᠮᠢᠨᠦ ᠲᠦᠯᠦᠭᠡ ᠡᠶᠢᠮᠦ ᠴᠢᠷᠮᠠᠶᠢᠨ ᠠᠵᠢᠯᠯᠠᠬᠤ ᠶᠢᠨ ᠲᠥᠯᠥᠭᠡ᠂ ᠪᠢ | ᠰᠢᠨ᠎ᠡ ᠭᠡᠷ ᠲᠤ ᠰᠠᠭᠤᠵᠠᠢ᠃ ᠳᠠᠬᠢᠵᠤ ᠡᠨᠡ ᠨᠠᠰᠤ ᠶᠢ ᠵᠣᠪᠠᠭᠠᠵᠤ ᠪᠣᠯᠬᠤ ᠦᠭᠡᠢ ᠭᠡᠪᠡ᠃ | ᠸᠠᠩ ᠪᠠᠭᠰᠢ ᠶᠢ ᠪᠠᠶᠠᠷᠯᠠᠭᠤᠯᠤᠭᠰᠠᠨ ᠨᠢ᠂ 2019 ᠤᠨ ᠤ ᠡᠴᠦᠰ ᠪᠣᠯᠬᠤ ᠳᠤ᠂ ᠡᠯ᠎ᠡ ᠲᠠᠯ᠎ᠠ ᠶᠢᠨ | ᠴᠢᠷᠮᠠᠶᠢᠯᠭ᠎ᠠ ᠪᠠᠷ ᠮᠠᠩᠬᠠᠨ ᠪᠠᠯᠭᠠᠰᠤᠨ ᠤ ᠽᠦᠸᠧ ᠸᠧᠶ ᠶᠣᠣ ᠶᠢᠨ ᠵᠠᠰᠠᠭ ᠵᠠᠬᠢᠷᠭᠠᠨ ᠤ ᠲᠣᠰᠬᠤᠨ ᠤ | ᠬᠠᠷᠢᠶᠠᠨ ᠳᠠᠬᠢ ᠲᠠᠪᠤᠨ ᠠᠶᠢᠯ ᠲᠣᠰᠬᠤᠨ ᠪᠦᠬᠦᠨ ᠢ ᠶᠠᠳᠠᠭᠤ ᠠᠴᠠ ᠠᠩᠭᠢᠵᠢᠷᠠᠭᠤᠯᠵᠠᠶ᠃ ᠬᠤᠶᠢᠰᠢᠳᠠ ᠶᠢᠨ | ᠠᠵᠢᠯ ᠤᠨ ᠭᠤᠣᠯᠳᠠᠯᠭ᠎ᠠ ᠪᠣᠯ ᠲᠠᠬᠢᠨ ᠶᠠᠳᠠᠭᠤᠷᠠᠬᠤ ᠶᠢ ᠰᠡᠷᠭᠡᠶᠢᠯᠡᠬᠦ ᠤᠷᠳᠤ ᠬᠤᠭᠤᠴᠠᠭᠠᠨ ᠤ ᠪᠦᠲᠦᠮᠵᠢᠲᠡᠢ | ᠲᠣᠭᠲᠠᠴᠠ ᠶᠢ ᠪᠠᠶᠢᠭᠤᠯᠵᠤ᠂ ᠶᠠᠳᠠᠭᠤ ᠠᠴᠠ ᠠᠩᠭᠢᠵᠢᠷᠠᠭᠤᠯᠤᠭᠰᠠᠨ ᠦᠷ᠎ᠡ ᠪᠦᠲᠦᠭᠡᠯ ᠢ ᠤᠯᠠᠮ ᠨᠢᠭᠡ ᠠᠯᠬᠤᠮ | ᠪᠠᠬᠢᠵᠢᠭᠦᠯᠬᠦ ᠶᠠᠪᠤᠳᠠᠯ ᠪᠣᠯᠤᠨ᠎ᠠ᠃ | ᠲᠣᠰᠬᠤᠨ ᠳᠤ ᠰᠠᠭᠤᠭᠰᠠᠨ ᠠᠴᠠ ᠨᠠᠰᠢ᠂ ᠸᠠᠩ ᠪᠠᠭᠰᠢ ᠪᠠ ᠲᠣᠰᠬᠤᠨ ᠳᠤ ᠰᠠᠭᠤᠭ᠎ᠠ ᠠᠵᠢᠯᠯᠠᠬᠤ ᠠᠩᠭᠢ ᠶᠢᠨ | ᠭᠡᠰᠢᠭᠦᠳ ᠶᠠᠳᠠᠭᠤ ᠶᠢ ᠲᠡᠳᠬᠦᠬᠦ ᠲᠠᠩᠰᠠ ᠡᠪᠬᠡᠮᠡᠯ ᠢ ᠡᠮᠬᠢ ᠴᠡᠭᠴᠡ ᠲᠠᠢ ᠡᠮᠬᠢᠯᠡᠵᠦ᠂ ᠬᠡᠲᠦ ᠤᠳᠠᠭᠠᠨ ᠤ | ᠠᠵᠢᠯ ᠤᠨ ᠰᠢᠪᠠᠳᠠᠨ ᠪᠠᠶᠢᠴᠠᠭᠠᠯᠲᠠ ᠳᠤ ᠳᠡᠭᠡᠳᠦ ᠱᠠᠳᠤᠨ ᠤ ᠤᠳᠤᠷᠢᠳᠤᠯᠭ᠎ᠠ ᠶᠢᠨ ᠨᠢᠭᠡᠳᠦᠯᠲᠡᠶ ᠰᠠᠶᠢᠨ | ᠦᠨᠡᠯᠡᠯᠲᠡ ᠶᠢ ᠣᠯᠵᠠᠶ᠃ ᠶᠠᠳᠠᠭᠤ ᠬᠦᠴᠢᠷᠳᠡᠯᠲᠡᠶ ᠡᠷᠦᠬᠡ ᠶᠢᠨ ᠦᠨᠳᠦᠰᠦᠨ ᠮᠡᠳᠡᠭᠡ ᠵᠠᠩᠭᠢ ᠣᠷᠣᠭᠤᠯᠬᠤ᠂ | ᠶᠠᠳᠠᠭᠤ ᠠᠴᠠ ᠠᠩᠭᠢᠵᠢᠷᠠᠭᠤᠯᠬᠤ ᠲᠥᠯᠥᠪᠵᠢᠭᠦᠯᠪᠡ᠂ ︽ᠳᠠᠬᠢᠨ ᠢᠯᠭᠠᠨ ᠲᠠᠨᠢᠵᠤ ᠳᠠᠬᠢᠨ ᠳᠠᠬᠢᠨ ᠬᠢᠨᠠᠬᠤ︾ | ᠶᠠᠳᠠᠭᠤ ᠬᠦᠴᠢᠷᠳᠡᠯᠲᠡᠶ ᠡᠷᠦᠬᠡ ᠶᠢᠨ ᠰᠠᠭᠤᠷᠢ ᠮᠠᠲ᠋ᠧᠷᠢᠶᠠᠯ᠂ ᠲᠣᠰᠬᠤᠨ ᠤ ᠠᠷᠠᠳ ᠤᠨ ᠨᠢᠭᠡ ᠵᠢᠯ ᠤᠨ ᠣᠷᠣᠯᠭ᠎ᠠ | ᠵᠠᠷᠤᠯᠭ᠎ᠠ ᠶᠢᠨ ᠳᠠᠩᠰᠠ ᠡᠬᠡ ᠳᠠᠩᠰᠠ ᠶᠢᠨ ᠳᠠᠩᠰᠠᠯᠠᠯᠲᠠ᠂ ︽ᠵᠢᠷᠭᠤᠭᠠᠨ ᠪᠠᠶᠢᠬᠤ︾ ᠰᠢᠰᠲ᠋ᠧᠮ ᠢ ᠣᠷᠣᠭᠤᠯᠬᠤ | ᠵᠡᠷᠭᠡ ᠠᠵᠢᠯ ᠨᠢ ᠬᠡᠳᠦ᠋ᠢᠪᠡᠷ ᠶᠠᠷᠰᠢᠭ ᠲᠦᠪᠡᠭᠲᠡᠶ ᠪᠣᠯᠪᠠᠴᠤ ᠲᠡᠷᠡ ᠬᠦᠯᠢᠴᠡᠩᠭᠦᠶ ᠪᠥᠭᠡᠳ ᠨᠠᠷᠢᠨ ᠨᠢᠮᠪᠠᠶ | ᠡᠮᠬᠢᠳᠬᠡᠵᠦ᠂ ᠲᠥᠯᠥᠪᠵᠢᠭᠦᠯᠦᠨ᠂ ᠪᠣᠳᠣᠬᠤ ᠬᠡᠷᠡᠭᠲᠡᠶ᠂ ᠰᠥᠨᠢ ᠳᠦᠯᠢ ᠪᠣᠯᠲᠠᠯ᠎ᠠ ᠠᠵᠢᠯᠯᠠᠬᠤ ᠨᠢ ᠴᠦ ᠡᠩ ᠤᠨ | ᠬᠡᠷᠡᠭ ᠶᠤᠮ᠃ 2020 ᠣᠨ ᠤ 3 ᠰᠠᠷ᠎ᠠ ᠶᠢᠨ 31 ᠤ ᠡᠳᠦᠷ᠂ ᠲᠣᠰᠬᠤᠨ ᠳᠤ ᠰᠠᠭᠤᠭ᠎ᠠ ᠠᠵᠢᠯᠯᠠᠬᠤ ᠠᠩᠬᠢ ᠳᠤ | ᠲᠦᠷ ᠴᠠᠭ ᠤᠨ ᠨᠠᠮ ᠤᠨ ᠳᠤᠭᠤᠶᠢᠯᠠᠩ ᠪᠠᠶᠢᠭᠤᠯᠵᠤ᠂ ᠸᠠᠩ ᠪᠠᠭᠰᠢ ᠨᠠᠮ ᠤᠨ ᠳᠤᠭᠤᠶᠢᠯᠠᠩ ᠤᠨ ᠳᠠᠷᠤᠭ᠎ᠠ ᠪᠠᠷ | ᠰᠣᠩᠭᠤᠭᠳᠠᠪᠠ᠃ ︽︿ᠭᠠᠴᠠᠭᠠᠨ ᠤ ᠬᠤᠶᠠᠷ ᠵᠥᠪᠯᠡᠯ﹀᠂ ᠨᠠᠮ ᠤᠨ ᠭᠡᠰᠢᠭᠦᠨ ᠺᠠᠳ᠋ᠷᠴᠤᠳ ᠢᠳᠡᠪᠬᠢᠲᠡᠢ | ᠬᠥᠳᠡᠯᠦᠯᠴᠡᠵᠦ᠂ ᠠᠵᠢᠯ ᠢᠶᠠᠨ ᠨᠠᠩ ᠰᠠᠶᠢᠨ ᠬᠢᠵᠦ᠂ ᠶᠠᠳᠠᠭᠤ ᠠᠴᠠ ᠠᠩᠭᠢᠵᠢᠷᠠᠭᠤᠯᠬᠤ ᠳᠤ ᠳᠠᠬᠢᠨ ᠶᠠᠳᠠᠭᠤᠷᠠᠬᠤ | ᠦᠭᠡᠢ ᠪᠣᠯ ᠰᠠᠶ᠋ᠢ ᠦᠨᠡᠨ ᠶᠠᠳᠠᠭᠤ ᠠᠴᠠ ᠠᠩᠭᠢᠵᠢᠷᠠᠵᠤ ᠴᠢᠳᠠᠨ᠎ᠠ᠂ ᠪᠢᠳᠡ ᠵᠠᠪᠠᠯ ᠰᠢᠢᠳᠪᠤᠷᠢᠳᠦ ᠳᠠᠶᠢᠯᠠᠯᠳᠤᠭᠠᠨ | ᠬᠢᠵᠦ ᠰᠢᠢᠳᠪᠤᠷᠢᠳᠦ ᠢᠯᠠᠯᠲᠠ ᠣᠯᠬᠤ ᠵᠣᠷᠢᠭ ᠰᠠᠨᠠᠭᠠᠨ ᠤ ᠪᠠᠶᠢᠳᠠᠯ ᠢᠶᠠᠷ ᠶᠠᠳᠠᠭᠤ ᠠᠴᠠ ᠠᠩᠭᠢᠵᠢᠷᠠᠭᠤᠯᠬᠤ | ᠪᠣᠭᠤᠮᠲᠠ ᠰᠢᠪᠲᠤᠯᠬᠤ ᠳᠠᠶᠢᠯᠠᠯᠳᠤᠭᠠᠨ ᠢ ᠰᠠᠶᠢᠲᠤᠷ ᠬᠢᠵᠦ᠂ ᠶᠠᠳᠠᠭᠤ ᠠᠴᠠ ᠠᠩᠭᠢᠵᠢᠷᠠᠭᠤᠯᠬᠤ ᠪᠣᠭᠤᠮᠲᠠ | ᠰᠢᠪᠲᠤᠯᠬᠤ ᠡᠭᠦᠷᠭᠡ ᠶᠢ ᠴᠢᠨᠠᠷ ᠰᠠᠶᠢᠲᠠᠢ ᠪᠡᠶᠡᠯᠡᠭᠦᠯᠦᠨ᠎ᠡ︾ ᠭᠡᠵᠦ ᠸᠠᠩ ᠪᠠᠭᠰᠢ ᠢᠲᠡᠭᠡᠯ ᠳᠦᠭᠦᠷᠡᠩ ᠪᠠᠶᠢᠯ᠎ᠠ᠃ | ︽ᠯᠣᠤ ᠸᠠᠩ᠂ ᠲᠣᠰᠬᠤᠨ ᠳᠤ ᠰᠠᠭᠤᠭᠠᠳ ᠨᠢᠭᠡ ᠵᠢᠯ ᠪᠣᠯᠵᠤ ᠪᠠᠶᠢᠨ᠎ᠠ᠂ ᠭᠡᠷ ᠢᠶᠠᠨ ᠰᠠᠨᠠᠵᠤ ᠪᠠᠶᠢᠨ᠎ᠠ ᠤᠤ︖ | ︾ | ︽ ᠭᠡᠷ ᠢᠶᠠᠨ ᠰᠠᠨᠠᠭᠠᠳ ᠪᠣᠯᠬᠤ ᠦᠭᠡᠢ ᠂ ᠬᠡᠷᠬᠢᠨ ᠪᠣᠳᠣᠬᠤ ᠦᠭᠡᠢ ᠪᠠᠶᠢᠵᠤ ᠪᠣᠯᠬᠤ ᠪᠤᠢ︖ ᠲᠩᠷᠢ | ᠰᠠᠶᠢᠬᠠᠨ ᠣᠶᠢᠶ᠎ᠠ ᠳᠤ᠂ ᠭᠠᠭᠴᠠ ᠲᠠᠯ᠎ᠠ ᠶᠢᠨ ᠵᠠᠮ ᠨᠢ ᠬᠤᠶᠠᠷ ᠴᠠᠭ ᠪᠣᠯᠤᠨ᠎ᠠ᠃ ᠯᠢᠶᠠᠩᠴᠧᠩ ᠠᠴᠠ ᠵᠢᠨᠢᠩ ᠳᠤ | ᠬᠦᠷᠬᠦ ᠳᠤ ᠨᠢᠭᠡ ᠬᠡᠰᠡᠭ ᠠᠭᠤᠯᠠ ᠳᠠᠪᠠᠭ᠋ᠤ ᠳᠤ ᠬᠦᠴᠢᠷ ᠵᠠᠮ ᠪᠠᠶᠢᠵᠤ᠂ ᠠᠭᠤᠷ ᠠᠮᠢᠰᠬᠤᠯ ᠮᠠᠭᠤ ᠦᠶᠡᠰ᠂ | ᠵᠠᠮ ᠳᠠᠭᠠᠨ 4 ᠴᠠᠭ ᠶᠠᠪᠤᠨ᠎ᠠ︾᠃ ᠲᠡᠭᠦᠨ ᠤ ᠬᠠᠮᠤᠭ ᠤᠨ ᠮᠠᠷᠲᠠᠭᠳᠠᠰᠢ ᠦᠭᠡᠢ ᠨᠢᠭᠡ ᠤᠳᠠᠭ᠎ᠠ ᠪᠣᠯ ᠬᠡᠦᠬᠡᠳ | ᠲᠦᠷᠭᠡᠨ ᠴᠢᠨᠠᠷᠲᠠᠢ ᠰᠥᠰᠥᠨ ᠤ ᠴᠢᠯᠠᠭᠤᠵᠢᠯ ᠣᠯᠤᠭᠰᠠᠨ ᠶᠠᠪᠤᠳᠠᠯ ᠪᠣᠯᠤᠨ᠎ᠠ᠃ ᠡᠬᠡᠨᠡᠷ ᠨᠢ ᠬᠡᠦᠬᠡᠨ ᠢᠶᠠᠨ | ᠡᠮᠨᠡᠯᠭᠡ ᠳᠤ ᠬᠦᠷᠭᠡᠬᠦ ᠳᠤ ᠡᠮᠴᠢ ᠨᠢ ᠡᠮᠨᠡᠯᠭᠡ ᠰᠢᠯᠵᠢᠬᠦ ᠮᠡᠰᠡ ᠵᠠᠰᠠᠯ ᠬᠢᠬᠦ ᠬᠡᠷᠡᠭᠳᠡᠢ ᠭᠡᠵᠦ ᠬᠡᠯᠡᠪᠡ᠃ ᠲᠡᠷᠡ | ᠲᠡᠷᠭᠡ ᠲᠦᠷᠢᠶᠡᠰᠦᠯᠡᠵᠦ ᠭᠡᠷ ᠲᠡᠭᠡᠨ ᠬᠠᠷᠢᠬᠤ ᠳᠤ ᠨᠢᠭᠡᠨᠲᠡ ᠣᠷᠣᠢ ᠪᠣᠯᠵᠤ᠂ ᠳᠠᠷᠠᠭ᠎ᠠ ᠡᠳᠦᠷ ᠨᠢ ᠰᠠᠶ᠋ᠢ | ᠬᠡᠦᠬᠡᠳ ᠢᠶᠠᠨ ᠳᠠᠭᠠᠭᠤᠯᠤᠨ ᠬᠥᠬᠡᠬᠤᠲᠠ ᠳᠤ ᠣᠴᠢᠵᠤ ᠮᠡᠰᠡ ᠵᠠᠰᠠᠯ ᠬᠢᠯᠭᠡᠪᠡ᠃ ᠡᠰᠡ ᠯᠡ ᠬᠡᠦᠬᠡᠳ ᠤᠨ ᠢᠶᠠᠨ | ᠮᠡᠰᠡ ᠵᠠᠰᠠᠯ ᠢ ᠰᠠᠭᠠᠲᠠᠭᠠᠵᠤ᠂ ᠬᠡᠦᠬᠡᠳ ᠢᠶᠠᠨ ᠬᠠᠯᠠ ᠲᠠᠮᠤ ᠠᠮᠰᠠᠬᠤ ᠶᠢ ᠦᠵᠡᠭᠡᠳ ᠳᠣᠲᠣᠷ᠎ᠠ ᠨᠢ ᠡᠪ ᠦᠭᠡᠢ | ᠪᠠᠶᠢᠪᠠ᠃ ᠸᠠᠩ ᠪᠠᠭᠰᠢ ᠪᠠᠭ᠋ᠠᠨ ᠳᠤᠭᠤᠶ ᠪᠣᠯᠣᠭᠠᠳ᠄ ︽ᠰᠤᠷᠭᠠᠭᠤᠯᠢ ᠨᠢ ᠶᠠᠳᠠᠭᠤ ᠶᠢ ᠲᠡᠳᠬᠦᠬᠦ ᠠᠵᠢᠯ ᠢ ᠮᠠᠰᠢ | ᠴᠢᠬᠤᠯᠠᠴᠢᠯᠠᠵᠤ᠂ ᠮᠠᠨ ᠤ ᠲᠣᠰᠬᠤᠨ ᠳᠤ ᠰᠠᠭᠤᠭ᠎ᠠ ᠺᠠᠳ᠋ᠷ ᠤᠨ ᠠᠵᠢᠯ ᠠᠮᠢᠳᠤᠷᠠᠯ ᠢ ᠴᠤ ᠮᠠᠰᠢ ᠳᠡᠮᠵᠢᠵᠦ | ᠬᠠᠯᠠᠮᠵᠢᠯᠠᠵᠤ ᠪᠠᠶᠢᠨ᠎ᠠ᠃ ᠳᠡᠭᠡᠳᠦ ᠰᠤᠷᠭᠠᠭᠤᠯᠢ ᠶᠢᠨ ᠰᠠᠬᠢᠯᠭ᠎ᠠ ᠪᠠᠲᠤ ᠪᠠᠶᠢᠴᠠᠭᠠᠬᠤ ᠬᠤᠷᠢᠶ᠎ᠠ ᠴᠧᠨ ᠶᠦᠩ ᠵᠢᠶᠧ | ᠱᠦᠵᠢ ᠪᠠᠰᠠ ᠬᠤᠷᠠᠯ ᠬᠤᠷᠠᠯᠳᠤᠭᠤᠯᠵᠤ ᠮᠠᠨ ᠤ ᠲᠣᠰᠬᠤᠨ ᠳᠤ ᠰᠠᠭᠤᠭ᠎ᠠ ᠺᠠᠳ᠋ᠷ ᠢ ᠵᠣᠷᠢᠭᠵᠢᠭᠤᠯᠪᠠ᠃ ᠤᠤᠯ ᠨᠢ | ᠲᠣᠰᠬᠤᠨ ᠳᠤ ᠨᠢᠭᠡ ᠵᠢᠯ ᠰᠠᠭᠤᠬᠤ ᠪᠠᠷ ᠲᠣᠭᠲᠠᠭᠰᠠᠨ᠂ ᠵᠠᠯᠭᠠᠭᠠᠳ ᠬᠠᠮᠤᠭ ᠡᠴᠦᠰ ᠤᠨ ᠰᠢᠪᠲᠤᠯᠤᠯᠲᠠ ᠶᠢᠨ | ᠱᠠᠲᠤ ᠪᠣᠯᠤᠨ᠎ᠠ᠃ ᠥᠭᠡᠷ᠎ᠡ ᠺᠠᠳ᠋ᠷ ᠢᠶᠠᠷ ᠰᠣᠯᠢᠬᠤ ᠳᠤ ᠪᠠᠰᠠ ᠠᠵᠢᠯ ᠳᠤ ᠳᠠᠳᠬᠤ ᠬᠡᠷᠡᠭᠲᠡᠢ᠂ ᠪᠢᠳᠡ ᠪᠠᠰᠠ | ᠤᠷᠤᠭᠰᠢᠲᠠᠶ ᠬᠢᠵᠡᠶ᠂ ᠪᠢᠳᠡ ᠦᠷᠭᠦᠯᠵᠢᠯᠡᠨ ᠬᠢᠶ᠎ᠡ ᠭᠡᠪᠡ︾᠃ | | ᠰᠤᠷᠪᠤᠯᠵᠢᠯᠠᠭᠴᠢ ᠴᠢᠮᠡᠭᠡᠯᠡᠭᠴᠢ᠄ ᠫᠠᠩ ᠹᠧᠩ ᠴᠢᠨ | ᠤᠷᠴᠢᠭᠤᠯᠤᠭᠴᠢ᠄ ᠼᠦᠢ ᠴᠢᠩ |