ᠡᠮ ᠬᠡᠷᠡᠭᠯᠡᠬᠦ ᠳᠡᠭᠡᠨ ᠬᠥᠮᠤᠰ ᠤᠨ ᠤᠮᠳᠤᠭᠠᠶᠢᠢᠯᠠᠳᠠᠭ ᠲᠥᠷᠪᠡᠨ ᠵᠦᠢᠯ ᠢ ᠠᠩᠬᠠᠷᠬᠤ ᠬᠡᠷᠡᠭᠳᠡᠢ
ᠨᠡᠶᠢᠲᠡᠯᠡᠭᠰᠡᠨ ᠴᠠᠭ᠄
2020/9/25
   ᠲᠤᠳᠤᠷᠬᠠᠶᠢᠢᠯᠠᠯᠳᠠ ᠶᠢᠨ ᠪᠢᠴᠢᠭ ᠢ ᠤᠡᠭᠰᠢᠨ ᠤᠶᠢᠢᠯᠠᠭᠠᠬᠤ᠃ ᠬᠥᠮᠤᠰ ᠬᠡᠷ ᠤᠨ ᠬᠡᠷᠡᠭᠰᠡᠯ ᠬᠤᠳᠠᠯᠳᠤᠨ ᠠᠪᠬᠤ ᠳᠠᠭᠠᠨ ᠲᠤᠳᠤᠷᠬᠠᠶᠢᠢᠯᠠᠯᠳᠠ ᠶᠢᠨ ᠪᠢᠴᠢᠭ ᠢ ᠨᠠᠷᠢᠨ ᠥᠵᠡᠳᠡᠭ ᠪᠠᠶᠢᠬᠤ ᠳᠤ ᠡᠮ ᠬᠡᠷᠡᠭᠯᠡᠭᠦ ᠳᠤ ᠬᠠᠷᠢᠨ ᠡᠬᠦᠨ ᠢ ᠤᠮᠳᠤᠭᠠᠶᠢᠢᠯᠠᠵᠤ ᠪᠠᠶᠢᠨ᠎ᠠ᠃ ᠵᠠᠷᠢᠮ ᠬᠥᠮᠤᠨ ᠥᠵᠡᠯ᠎ᠠ ᠴᠤ ᠬᠡᠰᠡᠨ᠂ ᠬᠡᠷᠡᠭᠯᠡᠬᠦ ᠬᠡᠮᠵᠢᠶ᠎ᠡ ᠶᠢ ᠠᠩᠬᠠᠷᠬᠤ ᠠᠴᠠ ᠪᠢᠰᠢ ᠪᠥᠷᠢᠯᠳᠤᠬᠦᠨ᠂ ᠠᠩᠬᠠᠷᠴᠤ ᠴᠡᠬᠡᠷᠯᠡᠬᠦ ᠵᠦᠢᠯ ᠢ ᠥᠵᠡᠳᠡᠭ ᠥᠬᠡᠢ᠂ ᠡᠮ ᠢ ᠠᠩᠬ᠎ᠠ ᠬᠡᠷᠡᠭᠯᠡᠭᠦ ᠳᠡᠭᠡᠨ᠂ ᠲᠤᠳᠤᠷᠬᠠᠶᠢᠢᠯᠠᠯᠳᠠ ᠶᠢᠨ ᠪᠢᠴᠢᠭ ᠢ ᠨᠠᠷᠢᠨ ᠥᠵᠡᠬᠦ ᠶᠢᠨ ᠬᠠᠮᠳᠤ ᠲᠡᠮᠳᠡᠭ ᠲᠠᠯᠪᠢᠵᠤ ᠬᠤᠶᠢᠰᠢᠳᠠ ᠶᠢᠨ ᠡᠮ ᠬᠡᠷᠡᠭᠯᠡᠭᠦ ᠳᠡᠭᠡᠨ ᠲᠥᠬᠦᠮ ᠥᠵᠡᠬᠦᠯᠬᠦ ᠬᠡᠷᠡᠭᠳᠡᠢ᠃      ᠡᠮ ᠳᠤ ᠬᠠᠷᠰᠢᠬᠤ ᠡᠰᠡᠬᠦ ᠶᠢ ᠢᠯᠭᠠᠨ ᠲᠠᠨᠢᠬᠤ᠃ ᠡᠮ ᠢ ᠠᠩᠬ᠎ᠠ ᠬᠡᠷᠡᠭᠯᠡᠭᠦ ᠳᠤ ᠡᠮ ᠨᠢ ᠪᠡᠶ᠎ᠡ ᠮᠠᠬᠠᠪᠤᠤᠨ ᠲᠤ ᠰᠡᠳᠤᠯᠳᠡ ᠥᠭᠴᠤ ᠡᠰᠡᠷᠬᠦᠴᠡᠭᠴᠢ ᠡᠬᠦᠰᠬᠡᠵᠤ ᠮᠡᠳᠡᠨ᠎ᠡ᠂ ᠲᠠᠷᠠᠭ᠎ᠠ ᠤᠳᠠᠭ᠎ᠠ ᠡᠮ ᠤᠤᠭᠤᠬᠤ ᠥᠶ᠎ᠡ ᠳᠤ ᠡᠮ ᠪᠤᠶᠤ ᠰᠤᠯᠢᠯᠴᠠᠭᠠᠨ ᠤ ᠪᠥᠳᠤᠬᠡᠭᠳᠡᠬᠦᠨ ᠨᠢ ᠥᠳᠤᠬᠡᠭᠴᠢ ᠶᠢᠨ ᠬᠤᠪᠢ ᠪᠠᠷ ᠴᠠᠷᠤᠯᠳᠠ ᠤᠷᠪᠠᠯ ᠡᠬᠦᠰᠬᠡᠨ᠂ ᠬᠠᠷᠰᠢᠮᠠᠳᠠᠭᠠᠠᠢ ᠤᠶᠢᠯᠳᠠ ᠶᠢ ᠪᠤᠢ ᠪᠤᠯᠭᠠᠳᠠᠭ᠃ ᠤᠯᠠᠩᠭᠢ ᠡᠮ ᠤᠨ ᠬᠠᠷᠰᠢᠮᠠᠳᠠᠭᠠᠢ ᠤᠶᠢᠢᠯᠳᠡ ᠨᠢ ᠡᠮ ᠤᠤᠭᠤᠭᠰᠠᠨ ᠤ 2 ᠊᠊᠊᠊᠊ 10 ᠡᠳᠤᠷ ᠤᠨ ᠬᠤᠶᠢᠨ᠎ᠠ ᠡᠬᠦᠰᠳᠡᠭ ᠤᠴᠢᠷ ᠠᠴᠠ ᠠᠩᠬᠠᠷᠴᠤ ᠠᠵᠢᠭᠯᠠᠬᠤ ᠬᠡᠷᠡᠭᠳᠡᠢ᠃ ᠠᠷᠠᠰᠤᠨ ᠡᠰᠡᠷᠬᠡᠨ᠎ᠡ᠂ ᠵᠠᠭᠠᠳᠤᠨᠠᠬᠤ ᠵᠡᠷᠬᠡ ᠠᠷᠠᠰᠤᠨ ᠡᠪᠡᠳᠴᠢᠨ ᠤ ᠢᠯᠠᠷᠠᠯ ᠠᠴᠠ ᠭᠠᠳᠠᠨ᠎ᠠ ᠬᠠᠯᠠᠭᠤᠷᠠᠬᠤ ᠬᠡᠷᠬᠢᠶ᠎ᠠ ᠴᠢᠨᠠᠭᠰᠢᠯᠠᠨ ᠮᠠᠨᠠᠷᠠᠬᠤ ᠵᠡᠷᠬᠡ ᠨᠢ ᠴᠥᠮ ᠡᠮ ᠳᠤ ᠬᠠᠷᠰᠢᠵᠤ ᠪᠠᠶᠢᠬᠤ ᠶᠢᠨ ᠢᠯᠠᠷᠠᠯ ᠪᠠᠶᠢᠵᠤ ᠮᠡᠳᠡᠨ᠎ᠠ᠃ ᠡᠮ ᠳᠤ ᠬᠥᠨᠳᠤ ᠨᠤᠴᠢᠳᠠᠢ ᠬᠠᠷᠰᠢᠬᠤ ᠨᠢ ᠪᠥᠬᠦ ᠪᠡᠶ᠎ᠠ ᠶᠢ ᠴᠢᠷᠦᠭᠳᠡᠬᠦᠯᠵᠤ ᠮᠡᠳᠡᠨ᠎ᠠ᠃ ᠬᠢᠳᠡᠤᠨ ᠡᠮ ᠪᠠ ᠡᠧᠦ᠋ᠷᠤᠫᠠ ᠡᠮ ᠨᠢ ᠬᠠᠷᠰᠢᠮᠠᠳᠠᠭᠠᠢ ᠪᠠᠶᠢᠳᠠᠯ ᠢ ᠡᠬᠦᠰᠬᠡᠵᠤ ᠮᠡᠳᠡᠭᠦ ᠤᠴᠢᠷ ᠠᠴᠠ ᠡᠮ ᠤᠤᠭᠤᠭᠰᠠᠨ ᠤ ᠲᠠᠷᠠᠭ᠎ᠠ ᠠᠩᠬᠠᠷᠴᠤ ᠠᠵᠢᠭᠯᠠᠬᠤ ᠬᠡᠷᠡᠭᠳᠡᠢ᠃    ᠡᠮ ᠤᠨ ᠤᠶᠢᠯᠡᠳᠤᠯ ᠭᠠᠷᠬᠤ ᠴᠠᠭ᠂ ᠬᠡᠷᠡᠭᠯᠡᠭᠦ ᠬᠡᠮᠵᠢᠶ᠎ᠠ ᠵᠡᠷᠬᠡ ᠥᠨᠳᠤᠰᠤᠨ ᠶᠡᠷᠤ ᠶᠢᠨ ᠮᠡᠳᠡᠯᠬᠡ ᠶᠢ ᠮᠡᠳᠡᠬᠦ᠃ ᠡᠮ ᠢ ᠤᠤᠭᠤᠭᠠᠤᠨ ᠵᠤᠬᠢᠬᠤ ᠴᠠᠭ ᠥᠡᠭᠭᠡᠷᠡᠪᠡᠯ ᠰᠠᠶ᠋ᠢ ᠤᠶᠢᠯᠡᠳᠤᠯ ᠭᠠᠷᠳᠠᠭ᠂ ᠡᠪᠡᠳᠬᠦ ᠶᠢ ᠵᠤᠭᠰᠤᠭᠠᠬᠤ ᠡᠮ᠂ ᠬᠠᠯᠠᠭᠤᠨ ᠢ ᠪᠠᠭᠤᠷᠠᠭᠤᠯᠬᠤ ᠡᠮ ᠵᠡᠷᠬᠡ ᠪᠤᠯ ᠶᠡᠷᠤ ᠳᠡᠭᠡᠨ ᠤᠤᠭᠤᠭᠰᠠᠨ ᠤ 15 ᠊᠊᠊᠊᠊ 30 ᠮᠢᠨᠦ᠋ᠲ ᠤᠨ ᠲᠠᠷᠠᠭ᠎ᠠ ᠤᠶᠢᠯᠡᠳᠤᠯ ᠭᠠᠷᠳᠠᠭ᠂ ᠤᠵᠢᠭ ᠡᠪᠡᠳᠴᠢᠨ ᠢ ᠵᠠᠰᠠᠬᠤ ᠡᠮ ᠤᠨ ᠤᠶᠢᠯᠡᠳᠤᠯ ᠭᠠᠷᠬᠤ ᠴᠠᠭ ᠨᠢ ᠨᠡᠩ ᠤᠷᠳᠤ ᠪᠠᠶᠢᠵᠤ ᠮᠡᠳᠡᠨ᠎ᠠ᠃ ᠵᠢᠱᠢᠶᠡᠯᠡᠪᠡᠯ ᠲᠡᠷᠤᠯᠳᠠ ᠪᠠᠭᠤᠷᠠᠭᠤᠯᠬᠤ ᠡᠮ ᠢ ᠡᠬᠢᠯᠡᠵᠤ ᠤᠤᠭᠤᠬᠤ ᠥᠶ᠎ᠡ ᠳᠤ ᠬᠡᠮᠵᠢᠶ᠎ᠡ ᠶᠢ ᠲᠤᠬᠢᠷᠠᠭᠤᠯᠵᠤ ᠪᠠᠶᠢᠭᠠᠤᠨ ᠵᠤᠬᠢᠰᠳᠠᠢ ᠬᠡᠮᠵᠢᠶᠡᠨ ᠳᠤ ᠬᠥᠷᠬᠡᠪᠡᠯ ᠰᠠᠶ᠋ᠢ ᠬᠠᠮᠤᠭ ᠰᠠᠶᠢᠨ ᠤᠶᠢᠯᠡᠳᠤᠯ ᠢ ᠨᠢ ᠭᠠᠷᠭᠠᠵᠤ ᠴᠢᠳᠠᠨ᠎ᠠ᠃ ᠪᠠᠰᠠ ᠵᠢᠱᠢᠶᠡᠯᠡᠪᠡᠯ ᠭᠠᠨᠭ᠍ᠰᠠᠷᠠᠯ ᠢ ᠲᠠᠷᠤᠬᠤ ᠡᠮ ᠢ 3 ᠊᠊᠊᠊᠊ 4 ᠭᠠᠷᠠᠭ ᠤᠤᠭᠤᠪᠠᠯ ᠰᠠᠶ᠋ᠢ ᠢᠯᠡᠳᠳᠡ ᠤᠶᠢᠯᠡᠳᠤᠯ ᠭᠠᠷᠳᠠᠭ ᠪᠤᠯᠬᠤᠷ ᠡᠨᠡ ᠬᠤᠭᠤᠷᠤᠨᠳᠤ ᠪᠢᠳᠡᠬᠡᠢ ᠲᠤᠷ᠎ᠠ ᠪᠠᠷ ᠢᠶᠠᠨ ᠡᠮ ᠰᠤᠯᠢᠬᠤ ᠪᠤᠶᠤ ᠥᠪᠡᠰᠤᠪᠡᠨ ᠬᠡᠷᠡᠭᠯᠡᠭᠦ ᠬᠡᠮᠵᠢᠶ᠎ᠡ ᠶᠢ ᠲᠤᠬᠢᠷᠠᠭᠤᠯᠤᠭᠠᠷᠠᠢ᠂ ᠬᠡᠷᠪᠡ ᠰᠡᠵᠢᠭᠯᠡᠯᠲᠠᠢ ᠪᠠᠶᠢᠪᠠᠯ ᠡᠮᠴᠢ ᠠᠴᠠ ᠠᠰᠠᠭᠤᠨ ᠯᠠᠪᠯᠠᠬᠤ ᠬᠡᠷᠡᠭᠳᠡᠢ᠃    ᠡᠮ ᠤᠨ ᠤᠶᠢᠯᠡᠳᠤᠯ ᠪᠠ ᠮᠠᠭᠤ ᠲᠤᠰᠬᠠᠯ ᠢ ᠢᠯᠭᠠᠨ ᠲᠠᠨᠢᠬᠤ᠃ ᠵᠠᠷᠢᠮ ᠡᠮ ᠨᠢ ᠤᠶᠢᠯᠡᠳᠤᠯ ᠭᠠᠷᠴᠤ ᠡᠬᠢᠯᠡᠬᠦ ᠥᠶ᠎ᠡ ᠳᠤ ᠡᠪᠡᠳᠴᠢᠨ ᠤ ᠢᠯᠡᠷᠡᠯ ᠬᠥᠨᠳᠤᠷᠡᠭᠦ ︽ᠬᠠᠭᠤᠷᠮᠠᠭ ᠥᠵᠡᠭᠳᠡᠯ︾ ᠢᠯᠡᠷᠡᠵᠤ ᠮᠡᠳᠡᠨ᠎ᠡ᠂ ᠵᠢᠱᠢᠶᠡᠯᠡᠪᠡᠯ ᠸᠢᠲ᠋ᠠᠮᠢᠨ A ᠬᠥᠴᠢᠯᠯᠢᠭ ᠬᠠᠨᠳᠠ ᠪᠤᠯ ᠰᠡᠪᠬᠡ ᠪᠠ ᠥᠰᠤᠨ ᠤᠭᠤᠳᠠ ᠡᠪᠡᠷᠵᠢᠬᠦ ᠶᠢ ᠵᠠᠰᠠᠳᠠᠭ᠂ ᠡᠬᠢᠯᠡᠵᠤ ᠬᠡᠷᠡᠭᠯᠡᠬᠦ 3 ᠊᠊᠊᠊᠊ 7 ᠡᠳᠤᠷ ᠤᠨ ᠲᠤᠳᠤᠷ᠎ᠠ ᠤᠯᠠᠶᠢᠵᠤ ᠬᠠᠯᠠᠬᠤ᠂ ᠤᠯᠠᠭᠠᠨ ᠲᠤᠯᠪᠤ ᠢᠯᠡᠷᠡᠭᠦ ᠵᠡᠷᠬᠡ ᠠᠷᠠᠰᠤᠨ ᠳᠤ ᠰᠡᠳᠤᠯᠳᠡ ᠥᠭᠭᠦ ᠪᠠᠶᠢᠳᠠᠯ ᠡᠬᠦᠰᠳᠡᠭ᠃ ᠡᠳᠡᠬᠡᠷ ᠪᠤᠯ ᠡᠮ ᠤᠨ ᠤᠶᠢᠯᠡᠳᠤᠯ ᠭᠠᠷᠴᠤ ᠪᠠᠶᠢᠬᠤ ᠶᠢᠨ ᠢᠯᠡᠷᠡᠯ ᠮᠥᠨ᠂ ᠲᠡᠩᠳᠡᠬᠦᠤ ᠰᠠᠨᠠᠭ᠎ᠠ ᠵᠤᠪᠠᠭᠰᠠᠨ ᠤ ᠬᠡᠷᠡᠭ ᠥᠬᠡᠢ᠂ ᠮᠥᠨ ᠴᠤ ᠰᠫᠢᠷᠲ᠂ ᠤᠳᠠ ᠶᠢᠨ ᠬᠥᠴᠢᠯ ᠤᠨ ᠪᠥᠷᠢᠯᠳᠤᠬᠦᠨ ᠠᠭᠤᠯᠤᠭᠰᠠᠨ ᠭᠤᠶᠤᠯᠠᠯ ᠤᠨ ᠡᠳ᠋ ᠢ ᠪᠢᠳᠡᠬᠡᠢ ᠬᠡᠷᠡᠭᠯᠡᠬᠡᠷᠡᠢ᠃ ᠡᠳᠡᠬᠡᠷ ᠡᠮ ᠢ ᠤᠨᠳᠠᠬᠤ ᠠᠴᠠ ᠪᠠᠨ ᠡᠮᠤᠨ᠎ᠡ ᠬᠡᠷᠡᠭᠯᠡᠪᠡᠯ ᠨᠠᠷᠠᠨ ᠳᠤ ᠰᠢᠷᠠᠭᠳᠠᠵᠤ ᠲᠡᠳ᠋ ᠤᠶᠢᠯᠡᠳᠤᠯ ᠢ ᠨᠢ ᠨᠡᠮᠡᠭᠳᠡᠬᠦᠯᠭᠦ ᠠᠴᠠ ᠵᠠᠶᠢᠯᠠᠰᠬᠢᠵᠤ ᠴᠢᠳᠠᠨ᠎ᠠ᠃ ᠬᠡᠷᠪᠡ ᠪᠤᠰᠤᠤᠨ ᠡᠮ ᠤᠤᠭᠤᠭᠰᠠᠨ ᠤ ᠲᠠᠷᠠᠭ᠎ᠠ ᠬᠥᠨᠳᠤ ᠨᠤᠴᠢᠳᠠᠢ ᠠᠷᠠᠰᠤᠨ ᠡᠰᠡᠷᠬᠡᠨ᠎ᠡ ᠵᠡᠷᠬᠡ ᠠᠷᠠᠰᠤᠨ ᠡᠪᠡᠳᠴᠢᠨ ᠤ ᠢᠯᠡᠷᠡᠯ ᠡᠬᠦᠰᠪᠡᠯ᠂ ᠡᠮ ᠢᠶᠠᠨ ᠴᠠᠭ ᠲᠤᠬᠠᠢ ᠳᠤᠨᠢ ᠵᠤᠭᠰᠤᠭᠠᠬᠤ ᠶᠢᠨ ᠬᠠᠮᠳᠤ ᠡᠮᠨᠡᠭᠦᠯᠭᠦ ᠬᠡᠷᠡᠭᠳᠡᠢ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19002733号-2